ᠤᠯᠠᠮᠵᠢᠯᠠᠯᠲᠤ ᠰᠤᠷᠭᠠᠨ ᠬᠦᠮᠦᠵᠢᠯ
ᠣᠳᠣ ᠦᠶ᠎ᠡ ᠶᠢᠨ ᠰᠤᠷᠭᠠᠨ ᠬᠦᠮᠦᠵᠢᠯ
ᠭᠠᠳᠠᠭᠠᠲᠤ ᠶᠢᠨ ᠰᠤᠷᠭᠠᠨ ᠬᠦᠮᠦᠵᠢᠯ
           ᠪᠢᠳᠠ ᠪᠠᠰᠠ ᠠᠩᠬᠢ ᠰᠤᠩᠭᠤᠬᠤ ᠬᠢᠴᠢᠶᠠᠯ ᠰᠤᠩᠭᠤᠬᠤ
           ᠵᠢᠭᠠᠨ ᠰᠤᠷᠭᠠᠯᠳᠠ ᠵᠢ ᠬᠢᠪᠠᠯ ᠶᠠᠭᠠᠬᠢᠳᠠᠬ ᠪᠤᠯ
                                     ᠯᠤᠪᠰᠠᠩ
    ᠲᠠᠯᠠᠭᠡᠢ ᠵᠢᠨ ᠲᠠᠪᠰᠢᠭᠰᠠᠨ ᠤᠯᠤᠰ ᠤᠨ ᠰᠤᠷᠭᠠᠨ ᠭᠦᠮᠦᠵᠢᠯ ᠤᠨ ᠪᠠᠢᠢᠳᠠᠯ ᠢ ᠦᠵᠠᠪᠠᠯ ᠰᠤᠷᠭᠠᠨ ᠭᠦᠮᠦᠵᠢᠯ ᠵᠢᠭᠠᠨ ᠰᠤᠷᠭᠠᠯᠳᠠ ᠳᠤ ᠦᠭᠡᠷᠠᠴᠢᠯᠠᠯᠳᠠ ᠰᠢᠨᠠᠴᠢᠯᠠᠯᠳᠠ ᠵᠢ ᠶᠠᠭᠡᠪᠠᠷ ᠬᠢᠵᠤ ᠪᠤᠢ᠃ ᠤᠨᠴᠠᠭᠠᠢᠢᠯᠠᠨ ᠠᠮᠸᠷᠢᠺᠠ᠂ ᠶᠠᠫᠤᠨ᠂  ᠭᠧᠷᠮᠠᠨ ᠁ ᠵᠡᠷᠭᠡ ᠤᠯᠤᠰ ᠦᠳ ᠰᠤᠷᠭᠠᠨ ᠭᠦᠮᠦᠵᠢᠯ ᠢ ᠴᠢᠬᠤᠯᠠᠴᠢᠯᠠᠨ ᠠᠳᠬᠤᠵᠤ᠂  ᠵᠢᠭᠠᠨ ᠰᠤᠷᠭᠠᠯᠳᠠ ᠳᠤ ᠨᠢᠮᠪᠠᠢ ᠰᠤᠳᠤᠯᠭᠠᠨ ᠬᠢᠵᠤ᠂ ᠪᠠᠭᠠᠴᠤᠳ ᠭᠡᠤᠭᠡᠳ ᠤᠨ ᠪᠢᠴᠢᠭ᠌ ᠦᠵᠠᠵᠤ ᠭᠦᠮᠦᠵᠢᠯ ᠭᠦᠷᠳᠠᠭᠦ ᠳᠤ ᠶᠠᠭᠡᠭᠡᠨ ᠭᠦᠴᠤ ᠤᠷᠤᠭᠤᠯᠵᠤ ᠪᠠᠢᠢᠨ᠎ᠠ᠃ ᠠᠮᠸᠷᠢᠺᠠ ᠳᠤ ᠰᠤᠷᠤᠭᠴᠢ ᠵᠢᠨ ᠭᠦᠭᠵᠢᠭᠦ ᠤᠷᠤᠨ ᠵᠠᠢ ᠵᠢ ᠬᠠᠩᠭᠠᠬᠤ ᠵᠢᠨ ᠲᠦᠯᠦᠭᠡ ᠠᠩᠬᠢ ᠰᠤᠩᠭᠤᠬᠤ ᠬᠢᠴᠢᠶᠠᠯ ᠰᠤᠩᠭᠤᠬᠤ ᠵᠢᠭᠠᠨ ᠰᠤᠷᠭᠠᠯᠳᠠ ᠬᠢᠵᠤ᠂ ᠰᠤᠷᠤᠭᠴᠢ ᠵᠢᠨ ᠲᠠᠯᠳᠠ  ᠴᠢᠳᠠᠪᠬᠢ ᠵᠢ ᠠᠭᠤᠳᠠᠯᠯᠠᠨ ᠪᠤᠳᠠᠳᠤ ᠴᠢᠳᠠᠪᠤᠷᠢ ᠪᠤᠯᠭᠠᠵᠤ ᠪᠠᠢᠢᠨ᠎ᠠ ᠭᠡᠨ᠎ᠠ᠃
    ᠡᠢᠢᠮᠦ ᠡᠴᠡ ᠪᠢᠳᠠ ᠴᠤ ᠰᠤᠷᠤᠭᠴᠢ ᠵᠢᠨ ᠬᠢᠷᠢ ᠭᠡᠮ ᠵᠢᠠᠨ ᠦᠨᠳᠤᠰᠤᠯᠠᠨ᠂  ᠲᠠᠭᠦᠨ ᠤ ᠲᠠᠯᠳᠠ ᠴᠢᠳᠠᠪᠤᠷᠢ ᠵᠢ ᠪᠠᠳᠠᠷᠠᠭᠤᠯᠬᠤ ᠵᠢ ᠲᠠᠮᠵᠢᠨ᠂ ᠦᠷᠭᠡᠨ ᠠᠭᠤᠳᠠᠮ ᠤᠷᠤᠨ ᠵᠠᠢ ᠳᠤ ᠴᠢᠯᠦᠭᠡᠳᠠᠢ ᠪᠠᠷ ᠭᠦᠭᠵᠢᠭᠦ ᠵᠢ ᠵᠤᠷᠢᠬᠵᠢᠭᠤᠯᠵᠤ ᠪᠤᠯᠬᠤ ᠶᠤᠮ᠃  ᠰᠤᠷᠤᠭᠴᠢ ᠳᠤ ᠰᠤᠷᠤᠯᠴᠠᠬᠤ ᠵᠢᠨ ᠭᠦᠭᠵᠢᠭᠦ ᠤᠷᠤᠨ ᠵᠠᠢ ᠵᠢ ᠬᠠᠩᠭᠠᠬᠤ ᠪᠤᠯ ᠲᠦᠢᠯ ᠤᠨ ᠴᠢᠬᠤᠯᠠ ᠶᠤᠮ᠃ ᠵᠠᠷᠢᠮ ᠰᠤᠷᠤᠭᠴᠢ ᠵᠢᠨ ᠤᠢ ᠪᠢᠯᠢᠭ᠌᠂ ᠤᠬᠠᠭᠠᠨ ᠰᠠᠨᠠᠭ᠎ᠠ ᠨᠢ  ᠪᠢᠳᠠᠭᠤ ᠪᠤᠶᠤ ᠰᠠᠷᠠᠨ ᠮᠠᠳᠠᠭᠦ ᠴᠢᠳᠠᠪᠤᠷᠢ ᠨᠢ ᠤᠳᠠᠭᠠᠯᠢᠬ ᠪᠠᠢᠢᠵᠤ᠂ ᠵᠠᠷᠢᠮ ᠨᠢ ᠲᠦᠷᠭᠡᠨ ᠪᠠᠢᠢᠳᠠᠬ᠃ ᠡᠢᠢᠮᠦ ᠡᠴᠡ ᠰᠤᠷᠤᠭᠴᠢ ᠵᠢᠨ ᠬᠢᠷᠢ ᠭᠡᠮᠵᠢᠶᠠᠨ ᠤ ᠵᠦᠷᠢᠶ᠎ᠠ ᠳᠤ ᠵᠤᠬᠢᠴᠠᠭᠤᠯᠵᠤ᠂ ᠠᠩᠬᠢ ᠰᠤᠩᠭᠤᠬᠤ ᠪᠤᠶᠤ ᠬᠢᠴᠢᠶᠠᠯ ᠰᠤᠩᠭᠤᠬᠤ ᠲᠤᠭᠳᠠᠯᠴᠠᠭ᠎ᠠ ᠵᠢ ᠲᠤᠷᠰᠢᠵᠤ ᠪᠤᠯᠤᠨ᠎ᠠ᠃
    ᠠᠩᠬᠢ ᠰᠤᠩᠭᠤᠬᠤ  ᠭᠡᠳᠡᠭ ᠨᠢ  ᠲᠠᠭᠡᠷ᠎ᠠ ᠤᠨ ᠤ ᠰᠤᠷᠤᠭᠴᠢ ᠲᠤᠤᠷ᠎ᠠ ᠤᠨ ᠳᠤ ᠤᠷᠤᠵᠤ ᠰᠤᠷᠤᠯᠴᠠᠬᠤ᠂  ᠲᠤᠤᠷ᠎ᠠ ᠤᠨ ᠤ ᠰᠤᠷᠤᠭᠴᠢ ᠲᠠᠭᠡᠷ᠎ᠠ ᠤᠨ ᠳᠤ ᠤᠷᠤᠵᠤ  ᠰᠤᠷᠤᠯᠴᠠᠬᠤ ᠵᠢ ᠭᠡᠯᠠᠵᠤ ᠪᠤᠢ᠃  ᠲᠠᠭᠡᠭᠦ ᠳᠡᠭᠡᠨ ᠡᠨᠠ ᠭᠦ ᠰᠤᠩᠭᠤᠯᠳᠠ ᠨᠢ ᠠᠩᠬᠢ ᠦᠰᠤᠷᠭᠦ ᠪᠤᠶᠤ ᠠᠩᠬᠢ ᠪᠠᠭᠤᠷᠠᠬᠤ ᠠᠰᠠᠭᠤᠳᠠᠯ ᠪᠢᠰᠢ ᠬᠠᠷᠢᠨ ᠶᠠᠮᠠᠷ ᠨᠢᠭᠡᠨ ᠠᠩᠬᠢ ᠵᠢᠨ ᠶᠠᠮᠠᠷ ᠨᠢᠭᠡᠨ ᠬᠢᠴᠢᠶᠠᠯ ᠲᠦᠷᠤᠯ ᠤᠨ ᠠᠭᠤᠯᠭ᠎ᠠ ᠵᠢ ᠰᠤᠩᠭᠤᠬᠤ ᠪᠤᠯᠤᠨ᠎ᠠ᠃  ᠲᠠᠷᠤᠢ ᠲᠤᠤᠷ᠎ᠠ ᠤᠨ ᠤ ᠰᠤᠷᠤᠭᠴᠢ ᠲᠤᠳᠤᠷᠠᠬᠢ ᠰᠠᠢᠢᠨ ᠰᠤᠷᠤᠭᠴᠢ ᠨᠢ ᠪᠠᠭᠰᠢ ᠵᠢᠨ ᠲᠠᠭᠡᠷ᠎ᠠ ᠤᠨ ᠤ ᠰᠤᠷᠤᠭᠴᠢ ᠳᠤ ᠲᠤᠬᠢᠷᠠᠭᠤᠯᠤᠨ ᠬᠠᠩᠭᠠᠭᠰᠠᠨ ᠠᠰᠠᠭᠤᠳᠠᠯ ᠪᠠ ᠠᠭᠤᠯᠭ᠎ᠠ ᠡᠴᠡ ᠰᠢᠨ᠎ᠠ ᠮᠠᠳᠠᠯᠭᠡ ᠰᠤᠷᠴᠤ ᠤᠯᠠᠮ ᠲᠦᠷᠭᠡᠨ ᠭᠦᠭᠵᠢᠵᠤ ᠪᠤᠯᠤᠨ᠎ᠠ᠂  ᠠᠳᠠᠯᠢ ᠪᠠᠷ ᠲᠡᠭᠡᠷ᠎ᠠ ᠤᠨ ᠤ ᠰᠤᠷᠤᠭᠴᠢ ᠵᠢᠨ ᠲᠤᠳᠤᠷᠠᠬᠢ ᠠᠨᠠᠢ ᠰᠢᠬ ᠰᠤᠷᠤᠭᠴᠢ ᠨᠢ ᠪᠠᠭᠰᠢ ᠵᠢᠨ ᠲᠤᠤᠷ᠎ᠠ ᠤᠨ ᠤ ᠰᠤᠷᠤᠭᠴᠢ ᠳᠤ ᠵᠤᠷᠢᠭᠤᠯᠤᠨ ᠬᠠᠩᠭᠠᠭᠰᠠᠨ ᠠᠭᠤᠯᠭ᠎ᠠ ᠵᠢ ᠰᠤᠷᠤᠯᠴᠠᠬᠤ ᠡᠴᠡ ᠪᠤᠯᠵᠤ ᠰᠠᠭᠤᠷᠢ ᠮᠠᠳᠠᠯᠭᠡ ᠪᠠᠨ ᠪᠠᠳᠤᠳᠬᠠᠵᠤ ᠪᠤᠯᠬᠤ ᠶᠤᠮ᠃  ᠢᠩᠬᠢᠵᠤ  ᠴᠢᠯᠦᠭᠡᠳᠠᠢ ᠠᠩᠬᠢ ᠰᠤᠩᠭᠤᠵᠤ᠂  ᠬᠢᠴᠢᠶᠠᠯ ᠰᠤᠩᠭᠤᠬᠤ ᠨᠢ  ᠰᠤᠷᠤᠭᠴᠢᠳ ᠤᠨ ᠰᠡᠳᠬᠢᠴᠠ ᠵᠢᠨ ᠭᠡᠪ ᠤᠨ ᠭᠦᠭᠵᠢᠯᠳᠠ ᠳᠤ ᠠᠰᠢᠭᠳᠠᠢ ᠮᠦᠷᠳᠡᠭᠡᠨ ᠰᠤᠷᠤᠭᠴᠢ ᠵᠢᠨ ᠲᠤᠬᠢᠷᠠᠭᠰᠠᠨ ᠤᠷᠴᠢᠨ ᠲᠤᠤᠷ᠎ᠠ ᠦᠪᠠᠷ ᠤᠨ ᠲᠤᠬᠢᠷᠠᠭᠰᠠᠨ ᠤᠷᠤᠨ ᠪᠠᠢᠢᠷᠢ ᠪᠠᠨ ᠤᠯᠵᠤ᠂ ᠪᠠᠶ᠎ᠠ ᠪᠠᠨ ᠭᠦᠨᠳᠤᠳᠭᠡᠭᠦ ᠰᠡᠳᠬᠢᠯ ᠪᠠ ᠪᠠᠶ᠎ᠠ ᠪᠠᠨ ᠢᠳᠡᠭᠡᠭᠦ ᠵᠤᠷᠢᠭ ᠢ ᠪᠤᠢ ᠪᠤᠯᠭᠠᠬᠤ ᠳᠤ ᠠᠴᠢ ᠬᠤᠯᠪᠤᠭᠳᠠᠯ ᠲᠠᠢ ᠪᠠᠢᠢᠳᠠᠬ᠃ 
    ᠠᠩᠬᠢ ᠰᠤᠩᠭᠤᠬᠤ᠂ ᠬᠢᠴᠢᠶᠠᠯ ᠰᠤᠩᠭᠤᠬᠤ ᠵᠢᠭᠠᠨ ᠰᠤᠷᠭᠠᠯᠳᠠ ᠬᠢᠭᠦ ᠳᠡᠭᠡᠨ ᠰᠤᠷᠤᠭᠴᠢᠳ ᠲᠤ ᠠᠯᠪᠠᠳᠠᠯᠭ᠎ᠠ ᠦᠭᠴᠤ ᠪᠤᠯᠬᠤ ᠦᠭᠡᠢ᠂ ᠠᠯᠪᠠᠳᠠᠯᠭ᠎ᠠ ᠵᠢᠨ ᠴᠢᠨᠠᠷᠳᠠᠢ ᠰᠤᠷᠭᠠᠨ ᠭᠦᠮᠦᠵᠢᠯ ᠶᠠᠪᠤᠭᠤᠯᠵᠤ ᠪᠤᠯᠬᠤ ᠦᠭᠡᠢ᠃ ᠬᠠᠷᠢᠨ ᠰᠤᠷᠤᠭᠴᠢ ᠪᠤᠯᠤᠨ ᠭᠡᠷ ᠤᠨ ᠠᠬᠠᠮᠠᠳ ᠤᠨ ᠰᠠᠨᠠᠯ ᠢ ᠰᠤᠨᠤᠰᠴᠤ᠂ ᠰᠠᠢᠢᠨ ᠲᠤᠷ᠎ᠠ ᠡᠴᠡ ᠪᠠᠨ ᠠᠩᠬᠢ ᠰᠤᠩᠭᠤᠬᠤ ᠪᠤᠶᠤ ᠬᠢᠴᠢᠶᠠᠯ ᠰᠤᠩᠭᠤᠭᠤᠯᠵᠤ ᠪᠤᠯᠤᠨ᠎ᠠ᠃ ᠲᠡᠭᠦᠨ ᠤ ᠵᠤᠷᠢᠯᠭ᠎ᠠ ᠨᠢ ᠰᠤᠷᠤᠭᠴᠢ ᠵᠢᠨ ᠲᠠᠯᠳᠠ ᠴᠢᠳᠠᠪᠤᠷᠢ ᠵᠢ ᠪᠤᠳᠠᠳᠤ ᠴᠢᠳᠠᠪᠤᠷᠢ ᠪᠤᠯᠭᠠᠬᠤ ᠶᠠᠪᠤᠳᠠᠯ ᠪᠤᠯᠤᠨ᠎ᠠ᠃  ᠭᠤᠤᠯ ᠨᠢ ᠰᠤᠷᠤᠭᠴᠢ ᠵᠢᠨ ᠲᠠᠪᠠᠭᠤᠯᠢᠬ ᠲᠠᠯ᠎ᠠ ᠵᠢ ᠠᠳᠬᠤᠨ᠂  ᠲᠤᠷ᠎ᠠ ᠰᠤᠨᠢᠷᠬᠠᠯ ᠪᠤᠶᠤ ᠲᠠᠯᠳᠠ ᠴᠢᠳᠠᠪᠤᠷᠢ ᠵᠢ ᠨᠢ ᠭᠦᠮᠦᠵᠢᠭᠦᠯᠦᠨ᠂  ᠰᠤᠷᠤᠭᠴᠢ ᠵᠢᠨ ᠤᠨᠴᠠᠯᠢᠭ ᠢ ᠤᠢᠢᠯᠠᠭᠠᠵᠤ᠂  ᠵᠦᠷᠢᠶ᠎ᠠ ᠵᠢ ᠨᠢ ᠮᠠᠳᠠᠵᠤ᠂  ᠰᠤᠷᠤᠯᠴᠠᠵᠤ ᠨᠠᠭᠠᠳᠬᠤ ᠤᠷᠴᠢᠨ ᠲᠤᠭᠤᠷᠢᠨ ᠢ ᠨᠢ ᠰᠠᠢᠢᠳᠤᠷ ᠲᠤᠬᠢᠷᠠᠭᠤᠯᠵᠤ᠂ ᠪᠠᠶ᠎ᠠ ᠰᠡᠳᠬᠢᠴᠠ ᠵᠢᠨ ᠭᠦᠭᠵᠢᠯᠳᠠ ᠵᠢ ᠨᠢ ᠡᠷᠡᠭᠦᠯ ᠰᠠᠷᠠᠭᠤᠯ ᠪᠠᠢᠢᠯᠭᠠᠬᠤ ᠪᠤᠯ ᠲᠦᠢᠯ ᠤᠨ ᠴᠢᠬᠤᠯᠠ ᠶᠤᠮ᠃ ᠠᠩᠬᠢ ᠰᠤᠩᠭᠤᠬᠤ ᠬᠢᠴᠢᠶᠠᠯ ᠰᠤᠩᠭᠤᠬᠤ ᠵᠢᠭᠠᠨ ᠰᠤᠷᠭᠠᠯᠳᠠ ᠬᠢᠭᠦ ᠳᠡᠭᠡᠨ ᠰᠤᠷᠤᠭᠴᠢ ᠵᠢᠨ ᠦᠨᠳᠤᠰᠤᠨ ᠪᠠᠢᠢᠳᠠᠯ ᠢ ᠨᠠᠷᠢᠯᠢᠬ ᠤᠢᠢᠯᠠᠭᠠᠭᠰᠠᠨ ᠰᠠᠭᠤᠷᠢᠨ ᠲᠠᠭᠡᠷ᠎ᠠ᠂  ᠲᠠᠭᠡᠷ᠎ᠠ ᠤᠨ ᠤ ᠰᠤᠷᠤᠭᠴᠢ ᠵᠢᠨ ᠰᠤᠷᠤᠯᠭ᠎ᠠ ᠵᠢᠨ ᠬᠢᠷᠢ ᠭᠡᠮᠵᠢᠶ᠎ᠠ᠂ ᠨᠠᠰᠤ ᠵᠢᠯ ᠤᠨ ᠪᠠᠢᠢᠳᠠᠯ᠂ ᠰᠤᠷᠤᠭᠴᠢ ᠵᠢᠨ ᠤᠨᠴᠠᠯᠢᠭ ᠵᠡᠷᠭᠡ ᠡᠯ᠎ᠠ ᠲᠠᠯ᠎ᠠ ᠳᠤ ᠵᠤᠬᠢᠴᠠᠭᠤᠯᠤᠨ᠂ 《ᠪᠠᠭ᠎ᠠ ᠠᠩᠬᠢ ᠪᠠᠷ ᠬᠢᠴᠢᠶᠠᠯᠯᠠᠭᠦ》 ᠵᠢ ᠭᠡᠷᠡᠭᠵᠢᠭᠦᠯᠵᠤ ᠪᠤᠯᠬᠤ ᠶᠤᠮ᠃  ᠤᠯᠠᠨ ᠤᠯᠤᠰ ᠤᠨ ᠰᠤᠷᠭᠠᠨ ᠭᠦᠮᠦᠵᠢᠯ ᠤᠨ ᠪᠠᠢᠢᠳᠠᠯ ᠡᠴᠡ ᠠᠪᠴᠤ ᠦᠵᠡᠭᠰᠡᠨ ᠴᠤ ᠵᠠᠷᠢᠮ ᠭᠦᠭᠵᠢᠭ᠌ᠰᠡᠨ ᠤᠯᠤᠰ ᠲᠤ ᠠᠩᠬᠢ ᠪᠦᠷᠢ ᠵᠢᠨ ᠰᠤᠷᠤᠭᠴᠢ ᠵᠢᠨ ᠲᠤᠭ᠎ᠠ ᠵᠢ ᠮᠠᠰᠢ ᠬᠢᠵᠠᠭᠠᠷᠯᠠᠵᠤ (ᠤᠨᠴᠠᠭᠠᠢᠢᠯᠠᠨ ᠲᠤᠤᠷ᠎ᠠ ᠤᠨ)᠂ ᠰᠤᠷᠤᠭᠴᠢᠳ ᠤᠨ ᠭᠤᠤᠯ ᠴᠤᠭᠴᠠ ᠵᠢᠨ ᠦᠢᠯᠠᠳᠤᠯ᠂  ᠭᠤᠤᠯ ᠴᠤᠭᠴᠠ ᠵᠢᠨ ᠭᠦᠭᠵᠢᠯᠳᠠ ᠵᠢᠨ ᠭᠡᠯᠪᠠᠷᠢ ᠵᠢ ᠭᠦᠨᠳᠤᠳᠭᠡᠨ᠂  ᠰᠤᠷᠤᠭᠴᠢᠳ ᠤᠨ ᠰᠤᠷᠭᠠᠨ ᠭᠦᠮᠦᠵᠢᠯ ᠭᠦᠷᠳᠠᠭᠦ ᠲᠤᠬᠢᠶᠠᠯ ᠢ ᠨᠡᠮᠡᠭᠳᠡᠭᠦᠯᠦᠨ᠂ ᠰᠤᠷᠤᠯᠭ᠎ᠠ ᠵᠢᠨ  ᠶᠠᠰᠤ ᠴᠢᠨᠠᠷ ᠢ ᠲᠠᠭᠡᠭᠰᠢᠯᠠᠭᠦᠯᠭᠦ ᠳᠤ ᠠᠰᠢᠭᠳᠠᠢ ᠤᠷᠴᠢᠨ ᠲᠤᠭᠤᠷᠢᠨ ᠢ ᠪᠤᠢ ᠪᠤᠯᠭᠠᠵᠤ ᠪᠠᠢᠢᠭ᠎ᠠ ᠶᠤᠮ᠃ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠪᠢᠴᠢᠭ᠌ ᠮᠠᠲ᠋ᠸᠷᠢᠶᠠᠯ (2002 ᠤᠨ ᠤ 24 ᠳᠤᠭᠡᠷ ᠲᠤᠭᠠᠳᠤ) ‍ᠳ᠋ᠤ ᠮᠠᠯᠵᠢᠬᠤ ᠤᠷᠤᠨ ᠤ ᠪᠠᠭ᠎ᠠ ᠰᠤᠷᠭᠠᠭᠤᠯᠢ ᠵᠢᠨ ᠨᠢᠭᠡ ᠠᠩᠬᠢ ᠳᠤ 15-20 ᠰᠤᠷᠤᠭᠴᠢ ᠲᠠᠢ ᠪᠠᠢᠢᠵᠤ ᠪᠤᠯᠤᠨ᠎ᠠ ᠭᠡᠵᠤ ᠲᠤᠭᠳᠠᠭᠠᠵᠠᠢ᠃
    ᠠᠩᠬᠢ ᠰᠤᠩᠭᠤᠬᠤ᠂  ᠬᠢᠴᠢᠶᠠᠯ ᠰᠤᠩᠭᠤᠬᠤ ᠵᠢᠭᠠᠨ ᠰᠤᠷᠭᠠᠯᠳᠠ ᠳᠠᠭᠠᠨ ᠵᠠᠷᠢᠮ ᠲᠦᠷᠤᠯ ᠤᠨ ᠬᠢᠴᠢᠶᠠᠯ ᠵᠢᠠᠨ ᠰᠤᠷᠤᠭᠴᠢ ᠵᠢᠨ ᠪᠤᠳᠠᠳᠤ ᠪᠠᠢᠢᠳᠠᠯ ᠳᠤ ᠵᠤᠬᠢᠴᠠᠭᠤᠯᠤᠨ ᠠᠮᠢᠳᠤᠯᠢᠬ ᠲᠤᠬᠢᠷᠠᠭᠤᠯᠬᠤ ᠭᠡᠷᠡᠭᠳᠠᠢ᠃ ᠬᠢᠴᠢᠶᠠᠯ ᠪᠦᠭᠦᠨ ᠢ ᠵᠠᠪᠠᠯ ᠰᠤᠷᠬᠤ ᠵᠢ ᠠᠯᠪᠠᠳᠠᠨ ᠱᠠᠭᠠᠷᠳᠠᠬᠤ ᠦᠭᠡᠢ ᠬᠠᠷᠢᠨ ᠲᠠᠭᠡᠷ᠎ᠠ ᠨᠢᠭᠡ ᠲᠠᠰ ᠤᠨ ᠠᠭᠤᠯᠭ᠎ᠠ ᠵᠢ ᠰᠤᠷᠬᠤ ᠱᠠᠭᠠᠷᠳᠠᠯᠭ᠎ᠠ ᠲᠠᠢ ᠭᠡᠤᠭᠡᠳ ᠲᠤ ᠲᠠᠷᠠ ᠠᠭᠤᠯᠭ᠎ᠠ ᠵᠢ ᠨᠢ ᠰᠤᠩᠭᠤᠭᠤᠯᠵᠤ᠂  ᠲᠤᠤᠷ᠎ᠠ ᠨᠢᠭᠡ ᠲᠠᠰ ᠤᠨ ᠠᠭᠤᠯᠭ᠎ᠠ ᠵᠢ ᠪᠠᠳᠤᠳᠬᠠᠬᠤ ᠱᠠᠭᠠᠷᠳᠠᠯᠭ᠎ᠠ ᠲᠠᠢ ᠰᠤᠷᠤᠭᠴᠢ ᠳᠤ ᠲᠤᠤᠷ᠎ᠠ ᠠᠭᠤᠯᠭ᠎ᠠ ᠵᠢ ᠨᠢ ᠰᠤᠩᠭᠤᠭᠤᠯᠬᠤ ᠭᠡᠷᠡᠭᠳᠠᠢ᠃  ᠠᠩᠬᠢ ᠰᠤᠩᠭᠤᠬᠤ ᠪᠤᠶᠤ ᠬᠢᠴᠢᠶᠠᠯ ᠰᠤᠩᠭᠤᠬᠤ ᠠᠵᠢᠯ ᠢ ᠡᠢᠢᠮᠦᠷᠭᠦᠤ ᠤᠶᠠᠨ ᠬᠠᠳᠠᠨ ᠴᠢᠨᠠᠷᠳᠠᠢ ᠪᠠᠢᠢᠯᠭᠠᠬᠤ ᠨᠢ ᠭᠡᠤᠭᠡᠳ ᠪᠠᠭᠠᠴᠤᠳ ᠤᠨ ᠡᠯ᠎ᠠ ᠲᠠᠯ᠎ᠠ ᠵᠢᠨ ᠭᠦᠭᠵᠢᠯᠳᠠ ᠳᠤ ᠠᠰᠢᠭ ᠲᠠᠢ ᠶᠤᠮ᠃ ᠰᠤᠷᠤᠭᠴᠢ ᠴᠦᠭᠡᠨ ᠮᠠᠨ ᠤ ᠮᠠᠯᠵᠢᠬᠤ ᠤᠷᠤᠨ ᠤ ᠰᠤᠷᠭᠠᠭᠤᠯᠢ ᠵᠢᠨ ᠭᠡᠤᠭᠡᠳ ᠲᠤ ᠡᠢᠢᠮᠦᠷᠭᠦᠤ ᠠᠩᠬᠢ ᠰᠤᠩᠭᠤᠬᠤ᠂ ᠬᠢᠴᠢᠶᠠᠯ ᠰᠤᠩᠭᠤᠬᠤ ᠵᠢᠭᠠᠨ ᠰᠤᠷᠭᠠᠯᠳᠠ ᠵᠢ ᠬᠢᠪᠠᠯ ᠨᠠᠩ ᠲᠤᠬᠢᠷᠠᠬᠤ ᠰᠢᠬ ᠰᠠᠨᠠᠭᠳᠠᠨ᠎ᠠ᠃ ᠤᠴᠢᠷ ᠨᠢ ᠰᠤᠷᠤᠭᠴᠢ ᠴᠦᠭᠡᠨ ᠲᠤᠯᠠ ᠪᠠᠭᠰᠢ ᠡᠴᠡ ᠰᠤᠷᠤᠭᠴᠢ ᠵᠢᠨ ᠲᠤᠷ᠎ᠠ ᠰᠤᠨᠢᠷᠬᠠᠯ ᠬᠢᠷᠢ ᠭᠡᠮᠵᠢᠶ᠎ᠠ ᠵᠢ ᠦᠨᠳᠤᠰᠤᠯᠠᠨ ᠭᠦᠭᠵᠢᠭᠦᠯᠵᠤ ᠭᠦᠮᠦᠵᠢᠭᠦᠯᠭᠦ ᠳᠤ ᠨᠠᠩ ᠠᠮᠠᠷᠬᠠᠨ ᠶᠤᠮ᠃ ᠡᠢᠢᠮᠦᠷᠭᠦᠤ ᠤᠷᠤᠯᠳᠤᠯᠭ᠎ᠠ ᠵᠢ ᠪᠢᠳᠠ ᠰᠤᠳᠤᠯᠤᠨ ᠰᠢᠨᠵᠢᠯᠠᠵᠤ ᠦᠢᠯᠠᠳᠤᠯᠭᠡ ᠵᠢᠨ ᠲᠤᠮᠳᠠ ᠲᠤᠷᠰᠢᠵᠤ ᠪᠤᠯᠤᠮᠠᠷ ᠪᠠᠢᠢᠨ᠎ᠠ᠃
(《ᠦᠪᠦᠷ ᠮᠤᠩᠭᠤᠯ ᠤᠨ ᠰᠤᠷᠭᠠᠨ ᠬᠦᠮᠦᠵᠢᠯ》 ᠦᠨ 2012 ᠣᠨ ᠤ 4 ᠳᠤᠭᠡᠷ ᠬᠤᠭᠤᠴᠠᠭ᠎ᠠ ᠡᠴᠡ ᠠᠪᠤᠪᠠ)