ᠤᠯᠠᠮᠵᠢᠯᠠᠯᠲᠤ ᠰᠤᠷᠭᠠᠨ ᠬᠦᠮᠦᠵᠢᠯ
ᠣᠳᠣ ᠦᠶ᠎ᠡ ᠶᠢᠨ ᠰᠤᠷᠭᠠᠨ ᠬᠦᠮᠦᠵᠢᠯ
ᠭᠠᠳᠠᠭᠠᠲᠤ ᠶᠢᠨ ᠰᠤᠷᠭᠠᠨ ᠬᠦᠮᠦᠵᠢᠯ
          ᠦᠨᠳᠤᠰᠤᠳᠠᠨ  ᠦ ᠤᠯᠠᠮᠵᠢᠯᠠᠯᠳᠤ ᠰᠤᠶᠤᠯ ᠲᠠᠤᠭᠡ ᠵᠢᠨ
          ᠬᠢᠴᠢᠶᠠᠯᠯᠠᠭᠡ ᠬᠢᠭᠦ ᠵᠢᠨ ᠠᠴᠢ ᠬᠤᠯᠪᠤᠭᠳᠠᠯ ᠢ ᠦᠭᠦᠯᠠᠭᠦ ᠨᠢ 
                                         ᠬᠠᠰᠭᠡᠷᠡᠯ ᠦᠨᠢᠷᠵᠠᠶᠠᠭ᠎ᠠ
    ᠤᠳᠤᠬᠠᠨ ᠮᠤᠩᠭᠤᠯ ᠰᠤᠷᠤᠭᠴᠢᠳ ᠤᠨ ᠲᠤᠮᠳᠠ ᠮᠤᠩᠭᠤᠯ ᠦᠭᠡ ᠪᠠᠨ ᠶᠠᠷᠢᠬᠤ ᠲᠤᠷ᠎ᠠ ᠦᠭᠡᠢ᠂ ᠮᠠᠯᠵᠢᠯ ᠰᠤᠶᠤᠯ ᠢ ᠲᠤᠷᠠᠳᠬᠤ ᠲᠤᠷ᠎ᠠ ᠦᠭᠡᠢ᠂ ᠲᠠᠪᠤᠨ ᠬᠤᠰᠢᠭᠤ ᠮᠠᠯ ᠤᠨ ᠵᠢᠠᠨ ᠨᠠᠷᠠᠢᠢᠳᠤᠯ ᠢ ᠲᠠᠨᠢᠬᠤ ᠦᠭᠡᠢ᠂ ᠲᠠᠩᠰᠤᠬ ᠪᠠᠶᠠᠨ ᠴᠠᠭᠠᠨ ᠢᠳᠡᠭᠡᠨ ᠤ ᠪᠠᠨ ᠲᠠᠭᠤᠳᠠᠯᠭ᠎ᠠ ᠵᠢ ᠮᠠᠳᠠᠭᠦ ᠦᠭᠡᠢ ᠭᠡᠤᠭᠡᠳ ᠦᠳ ᠲᠤᠩ ᠤᠯᠠᠨ ᠪᠠᠢᠢᠨ᠎ᠠ᠃ ᠡᠨᠠ ᠨᠢ ᠤᠳᠤ ᠵᠢᠨ ᠰᠤᠷᠤᠭᠴᠢᠳ ᠲᠤ ᠦᠨᠳᠤᠰᠤᠳᠠᠨ ᠤ ᠤᠯᠠᠮᠵᠢᠯᠠᠯᠳᠤ ᠠᠮᠢᠳᠤᠷᠠᠯ ᠰᠤᠶᠤᠯ ᠤᠨ ᠮᠠᠳᠠᠯᠭᠡ ᠬᠤᠮᠰᠠᠳᠠᠵᠤ ᠪᠠᠢᠢᠬᠤ ᠵᠢᠨ ᠢᠯᠠᠷᠠᠯ ᠮᠦᠨ᠃ ᠠᠮᠠ ᠨᠠᠭᠡᠭᠡᠵᠤ ᠦᠭᠡ ᠶᠠᠷᠢᠵᠤ ᠰᠤᠷᠬᠤ ᠳᠤ ᠨᠢ 《ᠠᠪᠤ᠂ ᠡᠵᠢ》 ᠭᠡᠭᠦ ᠰᠠᠢᠢᠬᠠᠨ ᠲᠠᠭᠤᠳᠠᠯᠭ᠎ᠠ ᠵᠢ 《ᠪᠠ ᠪᠠ᠂ ᠮᠠ ᠮᠠ》 ᠭᠡᠵᠤ ᠵᠢᠭᠠᠵᠤ ᠦᠭᠭᠦᠭᠰᠡᠨ ᠨᠢ ᠭᠡᠷ ᠤᠨ ᠠᠬᠠᠮᠠᠳ ᠤᠨ ᠠᠯᠳᠠᠭ᠎ᠠ ᠭᠡᠵᠤ ᠪᠤᠷᠤᠭᠤᠰᠢᠶᠠᠳᠠᠭ ᠪᠤᠯ ᠵᠢᠭᠠᠨ ᠰᠤᠷᠭᠠᠯᠳᠠ ᠵᠢᠨ ᠶᠠᠪᠤᠴᠠ ᠳᠤ ᠪᠠᠨ ᠦᠨᠳᠤᠰᠤᠳᠠᠨ ᠤ ᠤᠯᠠᠮᠵᠢᠯᠠᠯᠳᠤ ᠰᠤᠶᠤᠯ ᠤᠨ ᠵᠦᠢᠯ ᠢ ᠤᠮᠳᠤᠭᠠᠢᠢᠯᠠᠭᠰᠠᠨ ᠨᠢ ᠮᠠᠨ ᠤ ᠦᠨᠳᠤᠰᠤᠳᠠᠨ ᠤ ᠰᠤᠷᠭᠠᠨ ᠭᠦᠮᠦᠵᠢᠯ ᠤᠨ ᠲᠤᠮᠳᠠᠬᠢ ᠨᠢᠭᠡ ᠶᠠᠭᠡ ᠲᠤᠳᠠᠭᠳᠠᠯ ᠴᠤ ᠪᠤᠯᠪᠠᠤ ᠭᠡᠵᠤ ᠰᠠᠨᠠᠭᠳᠠᠭᠤᠯᠤᠨ᠎ᠠ᠃
    ᠦᠨᠳᠤᠰᠤᠳᠠᠨ ᠤ ᠰᠤᠷᠭᠠᠨ ᠭᠦᠮᠦᠵᠢᠯ ᠨᠢ ᠤᠳᠤᠬᠢᠴᠢᠯᠠᠯᠳᠠ ᠭᠦᠭᠵᠢᠯᠳᠠ ᠵᠢᠨ ᠶᠠᠪᠤᠴᠠ ᠳᠤ ᠪᠠᠨ ᠤᠢᠢᠷ᠎ᠠ ᠵᠠᠷᠭᠡᠯᠠᠳᠡᠭᠡ ᠬᠠᠷᠢ ᠤᠯᠤᠰ ᠦᠨᠳᠤᠰᠤᠳᠠᠨ ᠤ ᠶᠠᠮᠠᠷ ᠨᠢᠭᠡᠨ ᠵᠦᠢᠯ ᠤᠨ ᠨᠦᠯᠦᠭᠡ ᠵᠢ ᠭᠦᠷᠳᠠᠵᠤ ᠪᠠᠢᠢᠳᠠᠬ᠃ ᠭᠡᠭᠦ ᠳᠤ ᠪᠠᠨ ᠦᠨᠳᠤᠰᠤᠳᠠᠨ ᠤ ᠰᠤᠷᠭᠠᠨ ᠭᠦᠮᠦᠵᠢᠯ ᠤᠨ ᠰᠠᠭᠤᠷᠢ ᠪᠤᠯ ᠡᠷᠭᠡᠪᠰᠢ ᠲᠤᠰ ᠦᠨᠳᠤᠰᠤᠳᠠᠨ ᠤ ᠰᠤᠶᠤᠯ ᠪᠠᠢᠢᠬᠤ ᠶᠤᠰᠤᠳᠠᠢ᠃  ᠵᠦᠪᠭᠡᠨ ᠦᠨᠳᠤᠰᠤᠳᠠᠨ ᠤ ᠰᠤᠶᠤᠯ ᠵᠢᠴᠢ ᠰᠢᠨ᠎ᠠ ᠵᠢ ᠡᠭᠦᠳᠭᠦ ᠵᠢᠨ ᠤᠶᠠᠯᠳᠤᠯ ᠲᠤᠮᠳᠠ ᠡᠴᠡ ᠦᠨᠳᠤᠰᠤᠳᠠᠨ ᠤ ᠰᠤᠷᠭᠠᠨ ᠭᠦᠮᠦᠵᠢᠯ ᠰᠠᠶᠢ ᠲᠠᠰᠤᠷᠠᠯᠳᠠ ᠦᠭᠡᠢ ᠭᠦᠭᠵᠢᠵᠤ᠂ ᠴᠠᠭ ᠡᠷᠢᠨ ᠤ ᠭᠦᠭᠵᠢᠯᠳᠠ ᠵᠢ ᠲᠠᠭᠠᠵᠤ ᠲᠠᠢᠢᠯᠳᠡᠭ᠃ ᠦᠨᠳᠤᠰᠤᠳᠠᠨ ᠤ ᠰᠤᠷᠭᠠᠨ ᠭᠦᠮᠦᠵᠢᠯ ᠨᠢ ᠭᠡᠷᠬᠢᠨ ᠭᠦᠭᠵᠢᠵᠤ᠂ ᠭᠡᠷᠬᠢᠨ ᠤᠳᠤᠬᠢᠴᠢᠯᠠᠯᠳᠠ ᠵᠢ ᠲᠠᠮᠵᠢᠭᠰᠠᠨ ᠴᠤ ᠦᠨᠳᠤᠰᠤᠳᠠᠨ ᠤ ᠰᠤᠶᠤᠯ ᠤᠨ ᠦᠪᠠᠷᠮᠢᠴᠠ ᠤᠨᠴᠠᠯᠢᠬ ᠡᠴᠡ ᠪᠠᠨ ᠰᠠᠯᠵᠤ ᠪᠤᠯᠬᠤ ᠦᠭᠡᠢ ᠶᠤᠮ᠃ ᠦᠨᠳᠤᠰᠤᠳᠠᠨ ᠤ ᠪᠠᠨ ᠰᠤᠶᠤᠯ ᠡᠴᠡ ᠰᠠᠯᠴᠢᠬᠠᠭᠠᠳ ᠦᠨᠳᠤᠰᠤᠳᠠᠨ ᠤ ᠰᠤᠷᠭᠠᠨ ᠭᠦᠮᠦᠵᠢᠯ ᠤᠨ ᠭᠦᠭᠵᠢᠯᠳᠠ ᠵᠢ ᠶᠠᠷᠢᠬᠤ ᠨᠢ ᠶᠠᠮᠠᠷ ᠴᠤ ᠭᠡᠷᠡᠭ ᠦᠭᠡᠢ ᠭᠡᠢ ᠬᠤᠭᠤᠰᠤᠨ ᠵᠦᠢᠯ ᠪᠤᠯᠤᠨ᠎ᠠ᠃ ᠦᠨᠳᠤᠰᠤᠳᠠᠨ ᠤ ᠰᠤᠷᠭᠠᠨ ᠭᠦᠮᠦᠵᠢᠯ ᠨᠢ ᠲᠠᠭᠡᠳᠤ ᠲᠠᠰ ᠲᠠᠭᠡᠨ ᠤᠳᠤᠬᠢᠴᠢᠯᠠᠭᠰᠠᠨ ᠡᠷᠳᠠᠮᠳᠠᠨ ᠴᠢᠳᠠᠪᠤᠷᠢᠳᠠᠨ ᠢ ᠭᠦᠮᠦᠵᠢᠭᠦᠯᠭᠦ ᠵᠢ ᠱᠠᠭᠠᠷᠳᠠᠳᠠᠬ ᠪᠤᠯᠪᠠᠴᠤ ᠰᠠᠭᠤᠷᠢ ᠱᠠᠳᠤᠨ ᠳᠠᠭᠠᠨ ᠦᠨᠳᠤᠰᠤᠳᠠᠨ ᠤ ᠪᠠᠭᠠᠴᠤᠳ ᠭᠡᠤᠭᠡᠳ ᠢ ᠭᠦᠮᠦᠵᠢᠭᠦᠯᠭᠦ ᠵᠢ ᠭᠤᠤᠯᠳᠠᠯᠭ᠎ᠠ ᠪᠤᠯᠭᠠᠳᠠᠬ᠃ ᠲᠠᠷᠠᠴᠢᠯᠠᠨ ᠦᠨᠳᠤᠰᠤᠳᠠᠨ ᠤ ᠭᠡᠤᠭᠡᠳ ᠪᠠᠭᠠᠴᠤᠳ ᠢ ᠰᠤᠷᠭᠠᠨ ᠭᠦᠮᠦᠵᠢᠭᠦᠯᠭᠦ ᠪᠠᠷ ᠲᠠᠮᠵᠢᠨ ᠲᠤᠬᠠᠢ ᠵᠢᠨ ᠨᠠᠢᠢᠭᠡᠮ ᠳᠤ ᠪᠠᠨ ᠦᠢᠯᠠᠴᠢᠯᠠᠵᠤ ᠪᠠᠢᠢᠳᠠᠬ ᠶᠤᠮ᠃ ᠴᠠᠭ ᠡᠷᠢᠨ ᠤ ᠭᠦᠭᠵᠢᠯᠳᠠ ᠵᠢ ᠲᠠᠭᠠᠯᠳᠤᠨ ᠦᠨᠳᠤᠰᠤᠳᠠᠨ ᠤ ᠰᠤᠷᠭᠠᠨ ᠭᠦᠮᠦᠵᠢᠯ ᠨᠢ ᠤᠳᠤᠬᠢᠴᠢᠯᠠᠯᠳᠠ ᠵᠢᠨ ᠱᠠᠳᠤ ᠵᠢ ᠲᠠᠮᠵᠢᠬᠤ ᠭᠡᠷᠡᠭᠳᠠᠢ᠂ ᠭᠡᠭᠦ ᠳᠤ ᠪᠠᠨ ᠦᠷᠤᠭᠡᠯ ᠤᠨ ᠰᠤᠶᠤᠯ ᠪᠦᠭᠦᠨ ᠲᠠᠪᠰᠢᠭᠰᠠᠨ ᠰᠤᠶᠤᠯ ᠪᠢᠰᠢ ᠪᠦᠭᠡᠳ ᠦᠪᠠᠷ ᠤᠨ ᠰᠤᠶᠤᠯ ᠴᠤ ᠬᠤᠴᠤᠷᠤᠭᠰᠠᠨ ᠰᠤᠶᠤᠯ ᠪᠢᠰᠢ᠂  ᠲᠠᠷᠠᠴᠢᠯᠠᠨ ᠦᠨᠳᠤᠰᠤᠳᠠᠨ ᠤ ᠰᠤᠷᠭᠠᠨ ᠭᠦᠮᠦᠵᠢᠯ ᠤᠨ ᠤᠳᠤᠬᠢᠴᠢᠯᠠᠯᠳᠠ ᠪᠠ ᠭᠦᠭᠵᠢᠯᠳᠠ ᠨᠢ ᠲᠠᠷᠠ ᠪᠦᠭᠦᠨ ᠵᠢᠠᠷ ᠪᠤᠰᠤᠳ ᠤᠨ ᠰᠤᠶᠤᠯ ᠢ ᠲᠠᠷᠠ ᠭᠡᠪ ᠵᠢᠠᠷ ᠨᠢ ᠨᠠᠭᠦᠭᠡᠯᠭᠡᠨ ᠰᠢᠯᠵᠢᠭᠦᠯᠵᠤ᠂  ᠲᠠᠷᠠ ᠭᠡᠪ ᠵᠢᠠᠷ ᠨᠢ ᠵᠠᠭᠪᠤᠷᠴᠢᠯᠠᠵᠤ ᠠᠪᠴᠢᠷᠠᠬᠤ ᠶᠠᠪᠤᠳᠠᠯ ᠪᠢᠰᠢ ᠶᠤᠮ᠃  ᠬᠠᠷᠢᠨ ᠦᠪᠠᠷ ᠤᠨ ᠦᠨᠳᠤᠰᠤᠳᠠᠨ ᠤ ᠪᠠᠨ ᠰᠤᠶᠤᠯ ᠰᠡᠳᠬᠢᠭᠦᠢ ᠵᠢᠨ ᠤᠨᠴᠠᠯᠢᠭ ᠲᠤ ᠵᠤᠬᠢᠴᠠᠭᠤᠯᠤᠨ᠂  ᠦᠨᠳᠤᠰᠤᠳᠠᠨ ᠤ ᠰᠤᠷᠭᠠᠨ ᠭᠦᠮᠦᠵᠢᠯ ᠤᠨ ᠱᠠᠭᠠᠷᠳᠠᠯᠭ᠎ᠠ ᠳᠤ ᠵᠤᠬᠢᠴᠠᠭᠤᠯᠤᠨ ᠬᠠᠷᠢ ᠰᠤᠶᠤᠯ ᠤᠨ ᠤᠬᠢ ᠬᠠᠨᠳᠠ ᠵᠦᠢᠯ ᠢ ᠲᠤᠯᠢᠳᠠᠨ ᠠᠰᠢᠭᠯᠠᠵᠤ᠂ ᠦᠪᠠᠷ ᠤᠨ ᠭᠦᠷᠤᠯᠴᠠᠭᠦ ᠦᠭᠡᠢ ᠲᠤᠭᠤᠯᠳᠠᠯ ᠲᠠᠯ᠎ᠠ ᠪᠠᠨ ᠨᠦᠭᠦᠪᠤᠷᠢᠯᠠᠨ ᠠᠪᠬᠤ ᠪᠤᠯ ᠬᠠᠮᠤᠭ ᠤᠨ ᠴᠢᠬᠤᠯᠠ ᠶᠤᠮ᠃  ᠦᠨᠳᠤᠰᠤᠳᠠᠨ ᠤ ᠰᠤᠷᠭᠠᠨ ᠭᠦᠮᠦᠵᠢᠯ ᠨᠢ ᠭᠡᠷᠪᠠ ᠰᠢᠨ᠎ᠠ ᠰᠤᠷᠭᠤᠭ ᠰᠤᠶᠤᠯ ᠮᠠᠳᠠᠯᠭᠡ ᠵᠢ ᠭᠦᠯᠢᠶᠠᠨ ᠠᠪᠬᠤ ᠦᠭᠡᠢ ᠪᠤᠯ ᠰᠢᠮ᠎ᠠ ᠲᠠᠵᠢᠭᠡᠯ ᠵᠢᠠᠷ ᠲᠤᠳᠠᠭᠳᠠᠬᠤ ᠪᠤᠯᠤᠨ᠎ᠠ᠂  ᠦᠨᠳᠤᠰᠤᠳᠠᠨ ᠤ ᠪᠠᠨ ᠠᠬᠤᠢ ᠵᠢᠴᠢ ᠦᠨᠳᠤᠰᠤᠳᠠ ᠤ ᠰᠤᠶᠤᠯ ᠲᠠᠤᠭᠡ ᠵᠢᠨ ᠭᠦᠮᠦᠵᠢᠯ ᠡᠴᠡ ᠪᠠᠨ ᠰᠠᠯᠵᠤ ᠶᠠᠪᠤᠪᠠᠯ ᠠᠮᠢᠵᠢᠷᠠᠯ ᠤᠨ ᠦᠨᠳᠤᠰᠤ  ᠪᠠᠨ ᠠᠯᠳᠠᠬᠤ ᠪᠤᠯᠤᠨ᠎ᠠ᠃ ᠡᠢᠢᠮᠦ ᠡᠴᠡ ᠦᠨᠳᠤᠰᠤᠳᠠᠨ ᠤ ᠰᠤᠷᠭᠠᠨ ᠭᠦᠮᠦᠵᠢᠯ ᠤᠨ ᠵᠢᠭᠠᠨ ᠰᠤᠷᠭᠠᠯᠳᠠ ᠳᠤ ᠭᠠᠳᠠᠨᠠᠬᠢ ᠰᠤᠶᠤᠯ ᠤᠨ ᠰᠢᠩᠭᠡᠭᠡᠯᠳᠠ ᠪᠠ ᠦᠪᠠᠷ ᠪᠠᠶ᠎ᠠ ᠵᠢᠨ ᠦᠪᠠᠷᠮᠢᠴᠢᠯᠠᠯᠳᠠ ᠵᠢᠨ ᠠᠯᠢ ᠨᠢ ᠴᠤ ᠲᠤᠳᠠᠭᠳᠠᠵᠤ ᠪᠤᠯᠬᠤ ᠦᠭᠡᠢ ᠪᠠᠢᠢᠳᠠᠬ᠃
    ᠮᠤᠩᠭᠤᠯ ᠰᠤᠷᠤᠭᠴᠢᠳ ᠦᠨᠳᠤᠰᠤᠳᠠᠨ ᠤ ᠪᠠᠨ ᠰᠤᠶᠤᠯ ᠲᠠᠤᠭᠡ ᠵᠢ ᠰᠤᠷᠴᠤ ᠡᠵᠠᠮᠰᠢᠭᠦ ᠨᠢ ᠲᠠᠳᠠᠨ ᠤ ᠦᠨᠳᠤᠰᠤᠳᠠᠨ ᠵᠢᠠᠨ ᠬᠠᠢᠢᠷᠠᠯᠠᠬᠤ ᠦᠵᠠᠯᠳᠠ ᠵᠢ ᠲᠠᠭᠡᠭᠰᠢᠯᠠᠭᠦᠯᠵᠤ᠂ ᠦᠨᠳᠤᠰᠤᠳᠠᠨ ᠵᠢᠠᠨ ᠤᠢᠢᠯᠠᠭᠠᠬᠤ ᠮᠠᠳᠠᠭᠦ ᠳᠤ ᠨᠢ ᠠᠰᠢᠭ ᠲᠠᠢ ᠪᠠᠢᠢᠳᠠᠬ ᠵᠢᠠᠷ ᠪᠠᠷᠠᠬᠤ ᠦᠭᠡᠢ᠂ ᠲᠠᠳᠠᠨ ᠤ ᠨᠠᠢᠢᠭᠡᠮ ᠲᠠᠢ ᠵᠤᠬᠢᠴᠠᠵᠤ᠂ ᠴᠠᠭ ᠦᠶ᠎ᠠ ᠲᠠᠢ ᠵᠤᠬᠢᠴᠠᠨ᠂  ᠰᠢᠨ᠎ᠠ ᠮᠠᠳᠠᠯᠭᠡ ᠵᠢ ᠡᠵᠠᠮᠰᠢᠭᠦ ᠳᠤ ᠪᠠᠨ ᠮᠠᠳᠠᠯᠭᠡ ᠵᠢ ᠦᠪᠠᠷᠮᠢᠴᠠ ᠤᠨᠴᠠᠭᠠᠢ ᠦᠨᠳᠤᠰᠤᠳᠠᠨ ᠤ ᠰᠡᠳᠬᠢᠴᠠ ᠵᠢᠠᠷ ᠭᠦᠯᠢᠶᠠᠨ ᠠᠪᠴᠤ ᠴᠢᠳᠠᠬᠤ ᠳᠤ ᠴᠤ ᠠᠰᠢᠭᠳᠠᠢ ᠪᠠᠢᠢᠳᠠᠬ᠃ ᠡᠨᠠ ᠪᠤᠯ ᠤᠯᠠᠮᠵᠢᠯᠠᠯᠳᠤ ᠰᠤᠶᠤᠯ ᠲᠠᠤᠭᠡ ᠵᠢᠨ ᠬᠢᠴᠢᠶᠠᠯᠯᠠᠭᠡ ᠵᠢᠨ ᠬᠠᠮᠤᠭ ᠤᠨ ᠶᠠᠭᠡ ᠦᠢᠯᠠᠳᠤᠯ᠂  ᠮᠦᠨ ᠴᠤ ᠦᠨᠳᠤᠰᠤᠳᠠᠨ ᠤ ᠭᠡᠤᠭᠡᠳ ᠪᠠᠭᠠᠴᠤᠳ ᠤᠨ ᠲᠤᠰ ᠬᠢᠴᠢᠶᠠᠯᠯᠠᠭᠡ ᠪᠠᠷ ᠲᠠᠮᠵᠢᠵᠤ ᠤᠯᠤᠭᠰᠠᠨ ᠨᠢᠭᠡ ᠨᠠᠰᠤᠨ ᠤ ᠤᠯᠤᠯᠳᠠ ᠪᠤᠯᠤᠨ᠎ᠠ᠃ ᠠᠳᠠᠯᠢ ᠪᠤᠰᠤ ᠦᠨᠳᠤᠰᠤᠳᠠᠨ ᠤ ᠰᠡᠳᠬᠢᠭᠦᠢ ᠵᠢᠨ ᠭᠡᠯᠪᠠᠷᠢ᠂  ᠰᠤᠶᠤᠯ ᠤᠨ ᠭᠡᠯᠪᠠᠷᠢ ᠨᠢ ᠠᠳᠠᠯᠢ ᠪᠤᠰᠤ ᠡᠴᠡ ᠲᠠᠳᠠᠨ ᠤ ᠶᠠᠮᠠᠷ ᠨᠢᠭᠡᠨ ᠵᠦᠢᠯ ᠢ ᠭᠦᠯᠢᠶᠠᠨ ᠠᠪᠬᠤ ᠤᠢᠢᠯᠠᠭᠠᠯᠳᠠ ᠲᠠᠨᠢᠯᠳᠠ ᠵᠢᠨ ᠠᠷᠭ᠎ᠠ ᠭᠡᠯᠪᠠᠷᠢ ᠨᠢ ᠴᠤ ᠠᠳᠠᠯᠢ ᠪᠤᠰᠤ ᠪᠠᠢᠢᠳᠠᠬ ᠪᠤᠯᠬᠤᠷ᠂  ᠶᠠᠮᠠᠷ ᠨᠢᠭᠡᠨ ᠦᠢᠯᠠ ᠦᠵᠡᠭᠳᠡᠯ᠂  ᠲᠠᠷᠠᠴᠢᠯᠠᠨ ᠶᠠᠮᠠᠷ ᠨᠢᠭᠡᠨ ᠰᠢᠨ᠎ᠠ ᠵᠦᠢᠯ ᠢ ᠦᠪᠠᠷ ᠤᠨ ᠦᠨᠳᠤᠰᠤᠳᠠᠨ ᠤ ᠪᠠᠨ ᠰᠡᠳᠬᠢᠴᠠ ᠪᠠᠷ ᠤᠴᠢᠵᠤ ᠤᠢᠢᠯᠠᠭᠠᠵᠤ ᠲᠠᠨᠢᠬᠤ ᠦᠶ᠎ᠠ ᠳᠤ ᠤᠬᠠᠭᠠᠷᠠᠵᠤ ᠮᠠᠳᠠᠷᠠᠭᠦ᠂ ᠤᠢᠢᠯᠠᠭᠠᠵᠤ ᠲᠠᠨᠢᠬᠤ ᠨᠢ ᠨᠠᠩ ᠬᠤᠷᠳᠤᠨ᠂  ᠨᠠᠩ ᠲᠤᠳᠤᠷᠬᠠᠢ᠂  ᠨᠠᠩ ᠦᠪᠠᠷᠮᠢᠴᠠ ᠪᠠᠢᠢᠵᠤ ᠴᠢᠳᠠᠳᠠᠬ᠃  ᠤᠳᠤᠬᠠᠨ ᠮᠠᠨ ᠤ ᠡᠯ᠎ᠠ ᠭᠠᠵᠠᠷ ᠤᠷᠤᠨ ᠤ ᠮᠤᠩᠭᠤᠯ ᠰᠤᠷᠭᠠᠭᠤᠯᠢ ᠨᠤᠭᠤᠳ ᠲᠤ ᠤᠷᠤᠨ ᠨᠤᠳᠤᠭ ᠤᠨ ᠤᠨᠴᠠᠯᠢᠭ ᠪᠦᠭᠦᠢ᠂  ᠦᠨᠳᠤᠰᠤᠳᠠᠨ ᠤ ᠤᠨᠴᠠᠯᠢᠬ ᠪᠦᠭᠦᠢ ᠬᠢᠴᠢᠶᠠᠯ ᠤᠨ ᠲᠤᠬᠢᠷᠠᠭᠤᠯᠤᠯᠳᠠ ᠲᠦᠢᠯ ᠵᠢᠠᠷ ᠲᠤᠳᠠᠭᠳᠠᠵᠤ ᠪᠠᠢᠢᠨ᠎ᠠ᠃  ᠤᠷᠴᠢᠮ ᠤᠨ ᠵᠢᠯ ᠡᠴᠡ ᠮᠤᠩᠭᠤᠯ ᠰᠤᠷᠭᠠᠭᠤᠯᠢ ᠨᠤᠭᠤᠳ ᠢ ᠨᠠᠢᠢᠯᠠᠭᠦᠯᠵᠤ᠂  ᠰᠤᠷᠭᠠᠨ ᠭᠦᠮᠦᠵᠢᠯ ᠤᠨ ᠡᠬᠢ ᠰᠤᠷᠪᠤᠯᠵᠢ ᠵᠢ ᠨᠢᠭᠡᠳᠭᠡᠭᠰᠡᠨ ᠶᠠᠪᠤᠳᠠᠯ ᠨᠢ ᠰᠤᠷᠭᠠᠭᠤᠯᠢ ᠡᠷᠬᠢᠯᠡᠭᠦ ᠦᠷ᠎ᠠ ᠠᠰᠢᠭ ᠢ ᠵᠤᠬᠢᠬᠤ ᠭᠡᠮᠵᠢᠶ᠎ᠠ ᠪᠠᠷ ᠲᠡᠭᠡᠭᠰᠢᠯᠠᠭᠦᠯᠦᠭᠰᠡᠨ ᠪᠤᠯᠪᠠᠴᠤ ᠰᠤᠷᠤᠭᠴᠢᠳ ᠶᠠᠭᠡ ᠲᠦᠯᠦᠪ ᠲᠤ ᠪᠠᠨ ᠬᠤᠰᠢᠭᠤ ᠪᠠᠯᠭᠠᠰᠤᠨ ᠳᠤ ᠲᠦᠪᠯᠠᠷᠠᠵᠤ ᠪᠠᠢᠢᠷᠢ ᠵᠢᠨ ᠠᠮᠢᠳᠤᠷᠠᠯ ᠬᠢᠭ᠌ᠰᠡᠨ ᠡᠴᠡ ᠭᠦᠳᠡᠭᠡ ᠨᠤᠳᠤᠭ ᠲᠤ ᠦᠰᠴᠤ ᠲᠦᠷᠦᠭᠰᠡᠨ ᠭᠡᠤᠭᠡᠳ ᠦᠳ ᠴᠤ ᠬᠠᠷᠠᠬᠠᠨ ᠪᠠᠭ᠎ᠠ ᠡᠴᠡ ᠪᠠᠨ ᠦᠪᠠᠷ ᠤᠨ ᠦᠰᠴᠤ ᠲᠦᠷᠦᠭᠰᠡᠨ ᠠᠮᠢᠳᠤᠷᠠᠯ ᠤᠨ ᠤᠷᠴᠢᠨ ᠠᠬᠤᠢ ᠡᠴᠡ ᠪᠠᠨ ᠵᠠᠢᠢᠳᠠᠵᠤ᠂ ᠤᠷᠴᠢᠨ ᠠᠬᠤᠢ ᠵᠢᠨ ᠰᠤᠶᠤᠯ ᠳᠤ ᠪᠠᠨ ᠵᠤᠬᠢᠴᠠᠬᠤ ᠨᠠᠢᠢᠭᠡᠮᠴᠢᠯᠠᠯᠳᠠ ᠵᠢᠨ ᠱᠠᠳᠤ ᠪᠠᠨ ᠠᠯᠳᠠᠭᠰᠠᠨ ᠤ ᠤᠯᠠᠮ ᠡᠴᠡ ᠮᠠᠯᠵᠢᠬᠤ ᠰᠤᠶᠤᠯ ᠡᠴᠡ ᠵᠠᠢᠢᠳᠠᠵᠤ᠂ ᠮᠠᠯᠵᠢᠯ ᠠᠮᠢᠳᠤᠷᠠᠯ ᠡᠴᠡ ᠵᠠᠢᠢᠳᠠᠭᠰᠠᠨ ᠪᠠᠢᠢᠨ᠎ᠠ᠃  ᠶᠠᠷᠢᠶᠠᠨ ᠦᠭᠡᠢ᠂ ᠲᠠᠷᠢᠭᠦᠨ ᠤ ᠭᠦᠭᠵᠢᠭ᠌ᠰᠡᠨ ᠰᠤᠶᠤᠯ ᠮᠠᠳᠠᠯᠭᠡ ᠵᠢ ᠡᠵᠠᠮᠰᠢᠭᠦ ᠪᠤᠯ ᠴᠢᠬᠤᠯᠠ᠂  ᠭᠡᠭᠦ ᠳᠤ ᠪᠠᠨ ᠮᠤᠩᠭᠤᠯ ᠦᠨᠳᠤᠰᠤᠳᠠᠨ ᠤ ᠰᠤᠶᠤᠯ ᠤᠨ ᠰᠠᠭᠤᠷᠢ ᠪᠤᠯᠬᠤ ᠨᠠᠭᠦᠳᠠᠯ ᠮᠠᠯᠵᠢᠯ ᠤᠨ ᠰᠤᠶᠤᠯ ᠢ ᠭᠡᠤᠭᠡᠳ ᠦᠳ ᠦᠪᠠᠷ ᠤᠨ ᠨᠠᠢᠢᠭᠡᠮᠴᠢᠯᠠᠯᠳᠠ ᠵᠢᠨ ᠶᠠᠪᠤᠴᠠ ᠳᠤ ᠪᠠᠨ ᠤᠬᠠᠭᠠᠷᠠᠨ ᠰᠠᠷᠠᠵᠤ᠂  ᠤᠢᠢᠯᠠᠭᠠᠨ ᠦᠢᠯᠠᠳᠤᠯᠭᠡᠵᠢᠭᠦᠯᠵᠤ ᠴᠢᠳᠠᠬᠤ ᠦᠭᠡᠢ ᠪᠤᠯᠤᠭᠰᠠᠨ ᠪᠠᠢᠢᠨ᠎ᠠ᠃  ᠲᠡᠭᠦᠨ ᠤ ᠤᠯᠠᠮ ᠳᠤ ᠮᠠᠯᠵᠢᠯ ᠰᠤᠶᠤᠯ ᠳᠤ ᠠᠭᠤᠯᠤᠭᠳᠠᠵᠤ ᠪᠦᠭᠦᠢ ᠲᠤᠩ ᠤᠯᠠᠨ ᠦᠨᠳᠤᠰᠤᠳᠠᠨ ᠤ ᠤᠯᠠᠮᠵᠢᠯᠠᠯᠳᠤ ᠰᠤᠶᠤᠯ ᠤᠨ ᠵᠦᠢᠯᠠᠰ ᠲᠤ ᠭᠡᠤᠭᠡᠳ ᠦᠳ ᠦᠵᠠᠯᠳᠠ ᠤᠢᠢᠯᠠᠭᠠᠯᠳᠠ ᠪᠠᠯᠠᠷᠬᠠᠢᠢᠰᠢᠨ᠂  ᠤᠨ ᠵᠢᠯ ᠤᠨ ᠤᠳᠠᠭᠠᠨ ᠳᠤ  ᠮᠠᠷᠳᠠᠭᠳᠠᠨ ᠭᠡᠭᠡᠭᠳᠡᠭᠦ ᠠᠶᠤᠯᠳᠠᠢ ᠪᠤᠯᠵᠠᠢ᠃  ᠡᠢᠢᠮᠦᠷᠭᠦᠤ ᠪᠠᠢᠢᠳᠠᠯ ᠲᠤᠤᠷ᠎ᠠ᠂ ᠦᠨᠳᠤᠰᠤᠳᠠᠨ ᠤ ᠰᠤᠷᠭᠠᠨ ᠭᠦᠮᠦᠵᠢᠯ ᠤᠨ ᠬᠢᠴᠢᠶᠠᠯ ᠲᠦᠷᠤᠯ ᠤᠨ ᠲᠤᠬᠢᠷᠠᠭᠤᠯᠤᠯᠳᠠ ᠳᠤ  ᠭᠡᠷᠪᠠ ᠤᠷᠤᠨ ᠨᠤᠳᠤᠭ ᠤᠨ ᠤᠨᠴᠠᠯᠢᠭ ᠲᠠᠢ᠂  ᠦᠨᠳᠤᠰᠤᠳᠠᠨ ᠤ ᠰᠡᠳᠬᠢᠴᠠ ᠪᠦᠭᠦᠢ ᠤᠯᠠᠮᠵᠢᠯᠠᠯᠳᠤ ᠰᠤᠶᠤᠯ ᠤᠨ ᠬᠢᠴᠢᠶᠠᠯ ᠲᠦᠷᠤᠯ ᠢ ᠲᠤᠬᠢᠷᠠᠭᠤᠯᠬᠤ ᠦᠭᠡᠢ ᠪᠤᠯ ᠦᠨᠳᠤᠰᠤᠳᠠᠨ ᠤ ᠤᠯᠠᠮᠵᠢᠯᠠᠯᠳᠤ ᠰᠤᠶᠤᠯ ᠪᠠᠯᠠᠷᠠᠨ ᠲᠠᠭᠤᠰᠬᠤ ᠠᠶᠤᠯ ᠲᠠᠢ ᠶᠤᠮ᠃  ᠨᠦᠭᠦᠭᠡ ᠲᠠᠯ᠎ᠠ ᠪᠠᠷ᠂  ᠮᠠᠨ ᠤ ᠤᠯᠤᠰ ᠤᠨ ᠲᠤᠮᠳᠠᠳᠤ ᠪᠠᠭ᠎ᠠ ᠰᠤᠷᠭᠠᠭᠤᠯᠢ ᠵᠢᠨ ᠬᠢᠴᠢᠶᠠᠯ ᠲᠦᠷᠤᠯ ᠤᠨ ᠪᠠᠢᠢᠷᠢᠯᠠᠭᠤᠯᠤᠯᠳᠠ ᠵᠢᠨ ᠪᠦᠳᠤᠴᠠ᠂  ᠰᠢᠯᠭᠠᠯᠳᠠ ᠵᠢᠨ ᠲᠦᠷᠢᠮ ᠵᠡᠷᠭᠡ ᠨᠢ ᠦᠨᠳᠤᠰᠤᠨ ᠳᠤ ᠪᠠᠨ ᠲᠤᠭᠳᠠᠪᠤᠷᠢᠵᠢᠭᠰᠠᠨ ᠤᠴᠢᠷ ᠡᠴᠡ ᠦᠨᠳᠤᠰᠤᠳᠠᠨ ᠤ ᠰᠤᠷᠭᠠᠨ ᠭᠦᠮᠦᠵᠢᠯ ᠨᠢ ᠴᠤ ᠡᠨᠠ ᠭᠦ ᠭᠡᠪ ᠵᠠᠭᠪᠤᠷᠴᠢᠯᠠᠯᠳᠠ ᠡᠴᠡ ᠰᠠᠯᠵᠤ ᠴᠢᠳᠠᠬᠤ ᠦᠭᠡᠢ ᠪᠠᠢᠢᠵᠤ᠂ ᠦᠨᠳᠤᠰᠤᠳᠠᠨ ᠤ ᠪᠤᠶᠤ ᠭᠠᠵᠠᠷ ᠤᠷᠤᠨ ᠤ ᠦᠪᠠᠷᠮᠢᠴᠠ ᠪᠦᠭᠦᠢ ᠬᠢᠴᠢᠶᠠᠯ ᠲᠦᠷᠤᠯ ᠤᠨ ᠨᠠᠭᠡᠭᠡᠯᠳᠠ ᠵᠢ ᠨᠢᠭᠡᠨ ᠭᠡᠮᠵᠢᠶᠠᠨ ᠳᠤ ᠤᠮᠳᠤᠭᠠᠢᠢᠯᠠᠭᠰᠠᠨ ᠪᠠᠢᠢᠨ᠎ᠠ᠃ ᠡᠭᠦᠨ ᠡᠴᠡ ᠭᠠᠳᠠᠨ᠎ᠠ᠂  ᠮᠤᠩᠭᠤᠯ ᠵᠢᠠᠷ  ᠰᠤᠷᠤᠯᠴᠠᠭᠰᠠᠨ ᠭᠡᠤᠭᠡᠳ ᠦᠳ ᠤᠨ ᠰᠤᠷᠭᠠᠭᠤᠯᠢ ᠳᠤ ᠲᠠᠪᠰᠢᠬᠤ ᠵᠢᠴᠢ ᠠᠵᠢᠯ ᠤᠯᠭᠤᠯᠳᠠ ᠵᠢᠨ ᠲᠠᠯ᠎ᠠ ᠵᠢᠨ ᠭᠦᠴᠢᠷᠳᠠᠯ ᠵᠡᠷᠭᠡ ᠡᠴᠡ ᠪᠤᠯᠵᠤ᠂ ᠤᠳᠤ ᠵᠢᠨ ᠭᠡᠷ ᠤᠨ ᠠᠬᠠᠮᠠᠳ ᠪᠠᠢᠢᠭᠠᠯᠢ ᠵᠢᠨ ᠰᠢᠨᠵᠢᠯᠠᠭᠦ ᠤᠬᠠᠭᠠᠨ ᠤ ᠬᠢᠴᠢᠶᠠᠯ ᠲᠦᠷᠤᠯ ᠵᠢᠴᠢ ᠬᠢᠳᠠᠳ ᠭᠡᠯᠠ᠂  ᠠᠩᠭ᠌ᠯᠢ ᠭᠡᠯᠠ᠂ ᠺᠤᠮᠫᠢᠤᠢᠲ᠋ᠸᠷ ᠵᠡᠷᠭᠡ ᠵᠢᠨ ᠬᠢᠴᠢᠶᠠᠯ ᠲᠦᠷᠤᠯ ᠢ ᠭᠡᠳᠤᠷᠭᠡᠢ ᠴᠢᠬᠤᠯᠠᠴᠢᠯᠠᠵᠤ᠂  ᠬᠠᠷᠢᠨ ᠦᠨᠳᠤᠰᠤᠳᠠᠨ ᠤ ᠰᠤᠶᠤᠯ ᠲᠠᠤᠭᠡ ᠵᠢᠨ ᠵᠢᠭᠠᠨ ᠰᠤᠷᠭᠠᠯᠳᠠ ᠵᠢ ᠭᠦᠩᠭᠡᠪᠴᠢᠯᠠᠵᠤ᠂  ᠬᠢᠴᠢᠶᠠᠯ ᠦᠨ ᠭᠠᠳᠠᠭᠤᠷᠬᠢ ᠵᠢᠭᠠᠨ ᠰᠤᠷᠭᠠᠯᠳᠠ ‍ᠳᠤ ᠪᠠᠨ ᠴᠤ ᠤᠮᠳᠤᠭᠠᠢᠢᠯᠠᠭᠰᠠᠨ ᠪᠠᠢᠢᠨ᠎ᠠ᠃ ᠡᠳᠡᠭᠡᠷ ᠨᠢ ᠮᠤᠩᠭᠤᠯ ᠭᠡᠤᠭᠡᠳ ᠤᠨ ᠦᠨᠳᠤᠰᠤᠳᠠᠨ ᠤ ᠪᠠᠨ ᠰᠤᠶᠤᠯ ᠲᠠᠤᠭᠡ ᠡᠴᠡ ᠵᠠᠢᠢᠳᠠᠨ ᠬᠤᠯᠠᠳᠴᠤ ᠪᠠᠢᠢᠬᠤ ᠵᠢᠨ ᠪᠠᠰᠠ ᠨᠢᠭᠡᠨ ᠭᠤᠤᠯ ᠰᠢᠯᠳᠠᠭᠠᠨ ᠪᠤᠯᠤᠨ᠎ᠠ᠃  ᠤᠷᠴᠢᠮ ᠤᠨ ᠬᠤᠶᠠᠷ ᠵᠢᠯ ᠡᠴᠡ ᠡᠨᠠ ᠭᠦ ᠠᠰᠠᠭᠤᠳᠠᠯ ᠨᠢ ᠨᠠᠢᠢᠭᠡᠮ ᠤᠨ ᠡᠯ᠎ᠠ ᠡᠳᠡᠭᠡᠳ ᠤᠨ ᠠᠩᠬᠠᠷᠤᠯ ᠢ ᠲᠠᠳᠠᠵᠤ ᠡᠬᠢᠯᠠᠪᠠ᠃  2006 ᠤᠨ ᠳᠤ ᠷ· ᠰᠦᠭᠡ ᠵᠢᠨ ᠨᠠᠢᠢᠷᠠᠭᠤᠯᠤᠨ ᠵᠤᠬᠢᠶᠠᠭᠰᠠᠨ 《ᠮᠤᠩᠭᠤᠯ ᠦᠨᠳᠤᠰᠤᠳᠠᠨ ᠤ ᠤᠯᠠᠮᠵᠢᠯᠠᠯᠳᠤ ᠵᠠᠩ ᠦᠢᠯᠠ》᠂ 2007 ᠤᠨ ᠳᠤ ᠵᠠᠭᠠᠷ ᠤᠨ ᠡᠷᠬᠢᠯᠡᠨ ᠨᠠᠢᠢᠷᠠᠭᠤᠯᠤᠭᠰᠠᠨ 《ᠤᠯᠠᠮᠵᠢᠯᠠᠯᠳᠤ ᠰᠤᠶᠤᠯ ᠪᠠ ᠭᠦᠮᠦᠨᠯᠢᠭ᠌ ᠪᠤᠯᠪᠠᠰᠤᠷᠠᠯ》 (ᠪᠠᠭ᠎ᠠ ᠰᠤᠷᠭᠠᠭᠤᠯᠢ ᠵᠢᠨ ᠤᠩᠰᠢᠬᠤ ᠬᠤᠶᠠᠷ ᠲᠠᠪᠳᠡᠷ᠂ ᠲᠤᠮᠳᠠᠳᠤ ᠰᠤᠷᠭᠠᠭᠤᠯᠢ ᠵᠢᠨ ᠤᠩᠰᠢᠬᠤ ᠬᠤᠶᠠᠷ ᠲᠠᠪᠳᠡᠷ)᠂ 2009 ᠤᠨ ᠳᠤ ᠡ᠊·ᠤᠶᠤᠨᠳᠠᠨ᠎ᠠ ᠵᠢᠨ ᠨᠠᠢᠢᠷᠠᠭᠤᠯᠤᠨ ᠵᠤᠬᠢᠶᠠᠭᠰᠠᠨ 《ᠮᠤᠩᠭᠤᠯ ᠦᠨᠳᠤᠰᠤᠳᠠᠨ ᠤ  ᠤᠯᠠᠮᠵᠢᠯᠠᠯᠳᠤ ᠰᠤᠶᠤᠯ ᠤᠨ ᠴᠤᠪᠤᠷᠠᠯ ᠪᠢᠴᠢᠭ᠌》 (1-4 ᠲᠠᠪᠳᠡᠷ)᠂ 2009 ᠤᠨ ᠳᠤ ᠲᠤ᠊·ᠨᠠᠰᠤᠨ ᠭᠤᠤᠯᠯᠠᠨ ᠨᠠᠢᠢᠷᠠᠭᠤᠯᠤᠭᠰᠠᠨ 《ᠵᠠᠩ ᠦᠢᠯᠠ》 (1-3 ᠲᠠᠪᠳᠡᠷ) ᠵᠡᠷᠭᠡ ᠭᠡᠤᠭᠡᠳ ᠪᠠᠭᠠᠴᠤᠳ ᠲᠤ ᠵᠤᠷᠢᠭᠤᠯᠤᠭᠰᠠᠨ ᠪᠤᠶᠤ ᠦᠨᠳᠤᠰᠤᠳᠠᠨ ᠤ ᠰᠤᠶᠤᠯ ᠲᠠᠤᠭᠡ ᠵᠢᠨ ᠬᠢᠴᠢᠶᠠᠯᠯᠠᠭᠡ ᠳᠤ ᠵᠤᠷᠢᠭᠤᠯᠤᠭᠰᠠᠨ ᠨᠤᠮ ᠪᠢᠴᠢᠭ᠌ ᠦᠳ ᠵᠠᠯᠭᠠᠭ᠎ᠠ ᠵᠠᠯᠭᠠᠭ᠎ᠠ ᠪᠠᠷ ᠭᠡᠪᠯᠡᠭᠳᠡᠭᠰᠡᠨ ᠪᠠᠢᠢᠨ᠎ᠠ᠃  ᠲᠠᠷᠠᠴᠢᠯᠠᠨ ᠵᠠᠷᠢᠮ ᠭᠠᠵᠠᠷ ᠤᠷᠤᠨ ᠤ ᠪᠠᠭ᠎ᠠ ᠲᠤᠮᠳᠠᠳᠤ ᠰᠤᠷᠭᠠᠭᠤᠯᠢ ᠳᠤ 《ᠤᠯᠠᠮᠵᠢᠯᠠᠯᠳᠤ ᠰᠤᠶᠤᠯ ᠪᠠ ᠭᠦᠮᠦᠨᠯᠢᠭ᠌ ᠪᠤᠯᠪᠠᠰᠤᠷᠠᠯ》 ᠪᠤᠶᠤ 《ᠵᠠᠩ ᠦᠢᠯᠠ》 ᠨᠤᠮ ᠢ ᠠᠰᠢᠭᠯᠠᠨ ᠦᠨᠳᠤᠰᠤᠳᠠᠨ ᠤ ᠰᠤᠶᠤᠯ ᠲᠠᠤᠭᠡ ᠵᠢᠨ ᠬᠤᠯᠪᠤᠭᠳᠠᠯ ᠪᠦᠭᠦᠢ ᠬᠢᠴᠢᠶᠠᠯ ᠢ ᠨᠠᠭᠡᠭᠡᠭᠰᠡᠨ ᠪᠠᠢᠢᠨ᠎ᠠ᠃
     ᠦᠪᠤᠷ ᠮᠤᠩᠭᠤᠯ ᠤᠨ ᠪᠠᠭᠰᠢ ᠵᠢᠨ ᠶᠠᠭᠡ ᠰᠤᠷᠭᠠᠭᠤᠯᠢ ᠵᠢᠨ ᠫᠷᠤᠹᠸᠰᠰᠤᠷ ᠲᠠᠯᠠᠩᠭᠤᠷᠪᠠ 《ᠦᠨᠳᠤᠰᠤᠳᠠᠨ ᠤ ᠰᠤᠷᠭᠠᠨ ᠭᠦᠮᠦᠵᠢᠯ᠂  ᠵᠢᠭᠠᠨ ᠰᠤᠷᠭᠠᠯᠳᠠ ᠵᠢᠨ ᠦᠪᠠᠷᠮᠢᠴᠢᠯᠠᠯᠳᠠ ᠭᠡᠳᠡᠭ ᠪᠤᠯ ᠡᠩ ᠤᠨ ᠰᠤᠷᠭᠠᠨ ᠭᠦᠮᠦᠵᠢᠯ ᠤᠨ ᠤᠨᠤᠯ ᠬᠢᠭᠡᠳ ᠠᠷᠭ᠎ᠠ ᠵᠢ ᠦᠨᠳᠤᠰᠤᠳᠠᠨ ᠤ ᠰᠤᠷᠭᠠᠨ ᠭᠦᠮᠦᠵᠢᠯ ᠤᠨ ᠪᠤᠳᠠᠳᠠᠢ ᠲᠠᠢ ᠤᠶᠠᠯᠳᠤᠭᠤᠯᠵᠤ᠂  ᠲᠠᠭᠦᠨ ᠢ ᠲᠤᠰ ᠦᠨᠳᠤᠰᠤᠳᠠᠨ ᠤ ᠰᠤᠶᠤᠯ ᠤᠨ ᠭᠡᠯᠪᠠᠷᠢ ᠪᠠ ᠰᠡᠳᠬᠢᠴᠠ ᠵᠢᠨ ᠤᠨᠴᠠᠯᠢᠭ ᠲᠠᠢ ᠨᠡᠢᠢᠴᠡᠭᠰᠡᠨ ᠤᠨᠤᠯ ᠬᠢᠭᠡᠳ ᠠᠷᠭ᠎ᠠ ᠪᠤᠯᠭᠠᠨ ᠬᠤᠪᠢᠷᠠᠭᠤᠯᠵᠤ᠂ ᠡᠩ ᠤᠨ ᠰᠢᠨᠵᠢᠯᠠᠭᠦ ᠤᠬᠠᠭᠠᠨ ᠤ ᠤᠨᠤᠯ ᠤᠨ ᠦᠵᠠᠯᠳᠠ᠂ ᠮᠠᠳᠠᠯᠭᠡ ᠬᠢᠭᠡᠳ ᠠᠷᠭ᠎ᠠ ᠵᠢ ᠲᠤᠰ ᠦᠨᠳᠤᠰᠤᠳᠠᠨ ᠤ ᠦᠪᠠᠷᠮᠢᠴᠠ ᠦᠵᠠᠯ ᠰᠠᠨᠠᠭᠠᠨ ᠤ ᠤᠶᠤᠨ ᠤᠬᠠᠭᠠᠨ᠂  ᠦᠷᠳᠡᠭ ᠤᠨ ᠤᠢᠢᠯᠠᠭᠠᠭᠳᠠᠬᠤᠨ ᠪᠤᠯᠤᠨ ᠦᠢᠯᠠ ᠠᠵᠢᠯᠯᠠᠭᠠᠨ ᠤ ᠠᠷᠭ᠎ᠠ ᠭᠡᠯᠪᠠᠷᠢ ᠪᠤᠯᠭᠠᠨ ᠬᠤᠪᠢᠷᠠᠭᠤᠯᠬᠤ ᠶᠠᠪᠤᠳᠠᠯ ᠪᠤᠯᠤᠨ᠎ᠠ》 ᠭᠡᠵᠤ ᠶᠠᠷᠢᠭᠰᠠᠴᠢᠯᠠᠨ ᠦᠨᠳᠤᠰᠤᠳᠠᠨ ᠤ ᠰᠤᠷᠭᠠᠨ ᠭᠦᠮᠦᠵᠢᠯ ᠤᠨ ᠬᠢᠴᠢᠶᠠᠯ ᠲᠦᠷᠤᠯ ᠤᠨ ᠲᠤᠬᠢᠷᠠᠭᠤᠯᠤᠯᠳᠠ ᠳᠤ ᠴᠠᠭ ᠦᠶ᠎ᠠ ᠵᠢᠨ ᠱᠠᠭᠠᠷᠳᠠᠯᠭ᠎ᠠ ᠳᠤ ᠵᠤᠬᠢᠴᠠᠭᠰᠠᠨ ᠡᠯ᠎ᠠ ᠬᠢᠴᠢᠶᠠᠯ ᠲᠦᠷᠤᠯ ᠤᠨ ᠠᠭᠤᠯᠭ᠎ᠠ ᠵᠢ ᠭᠦᠢᠴᠠᠳ ᠬᠠᠮᠤᠷᠤᠨ ᠰᠢᠩᠭᠡᠭᠡᠭᠰᠡᠨ ᠪᠠᠢᠢᠬᠤ ᠭᠡᠷᠡᠭᠳᠠᠢ ᠪᠦᠭᠡᠳ ᠦᠪᠠᠷ ᠤᠨ ᠦᠨᠳᠤᠰᠤᠳᠠᠨ ᠤ ᠪᠠᠨ ᠭᠡᠤᠭᠡᠳ ᠪᠠᠭᠠᠴᠤᠳ ᠤᠨ ᠰᠡᠳᠬᠢᠴᠠ ᠵᠢᠨ ᠤᠨᠴᠠᠯᠢᠬ ᠲᠤ ᠲᠤᠬᠢᠷᠠᠭᠰᠠᠨ᠂  ᠦᠪᠠᠷ ᠤᠨ ᠦᠨᠳᠤᠰᠤᠳᠠᠨ ᠤ ᠪᠠᠨ ᠰᠤᠶᠤᠯ ᠤᠨ ᠭᠡᠯᠪᠠᠷᠢ ᠳᠤ ᠵᠤᠬᠢᠴᠠᠭᠰᠠᠨ ᠦᠨᠳᠤᠰᠤᠳᠠᠨ ᠤ ᠰᠤᠶᠤᠯ ᠲᠠᠤᠭᠡ ᠵᠢᠨ ᠬᠤᠯᠪᠤᠭᠳᠠᠯᠳᠤ ᠬᠢᠴᠢᠶᠠᠯᠯᠠᠭᠡ ᠵᠢ ᠦᠨᠳᠤᠰᠤᠳᠠᠨ ᠤ ᠰᠤᠷᠭᠠᠭᠤᠯᠢ ᠳᠤ ᠨᠠᠭᠡᠭᠡᠨ ᠭᠦᠭᠵᠢᠭᠦᠯᠭᠦ ᠨᠢ ᠦᠨᠳᠤᠰᠤᠳᠠᠨ ᠤ ᠰᠤᠶᠤᠯ ᠲᠠᠤᠭᠡ ᠵᠢᠨ ᠭᠦᠭᠵᠢᠯᠳᠠ᠂  ᠦᠨᠳᠤᠰᠤᠳᠠᠨ ᠤ ᠴᠢᠳᠠᠪᠤᠷᠢᠳᠠᠨ ᠤ ᠭᠦᠮᠦᠵᠢᠭᠦᠯᠤᠯᠳᠠ ᠳᠤ ᠪᠦᠷ ᠠᠰᠢᠭᠳᠠᠢ ᠶᠤᠮ᠃ ᠡᠢᠢᠮᠦ ᠡᠴᠡ ᠦᠨᠳᠤᠰᠤᠳᠠᠨ ᠤ ᠰᠤᠶᠤᠯ ᠲᠠᠤᠭᠡ ᠵᠢᠨ ᠲᠤᠬᠠᠢ ᠲᠦᠷᠢᠮᠵᠢᠭ᠌ᠰᠡᠨ᠂  ᠨᠢᠭᠡᠳᠤᠯᠳᠠᠢ ᠬᠢᠴᠢᠶᠠᠯ ᠤᠨ ᠪᠢᠴᠢᠭ᠌ ᠢ ᠨᠠᠢᠢᠷᠠᠭᠤᠯᠤᠨ ᠭᠡᠪᠯᠠᠭᠦᠯᠵᠤ ᠡᠨᠠ ᠭᠦ ᠲᠦᠷᠤᠯ ᠤᠨ ᠬᠢᠴᠢᠶᠠᠯ ᠢ ᠲᠦᠭᠡᠮᠠᠯᠵᠢᠭᠦᠯᠵᠤ ᠲᠠᠭᠦᠨ ᠤ ᠪᠠᠢᠢᠷᠢ ᠰᠠᠭᠤᠷᠢ ᠵᠢ ᠪᠠᠳᠤᠯᠠᠬᠤ ᠪᠤᠯ ᠮᠠᠰᠢ ᠴᠢᠬᠤᠯᠠᠳᠠᠢ ᠭᠡᠵᠤ ᠦᠵᠠᠵᠤ ᠪᠠᠢᠢᠨ᠎ᠠ᠃
    (《ᠦᠪᠦᠷ ᠮᠤᠩᠭᠤᠯ ᠤᠨ ᠰᠤᠷᠭᠠᠨ ᠬᠦᠮᠦᠵᠢᠯ》 ᠦᠨ 2012ᠣᠨ ᠤ5ᠳ᠋ᠤᠭᠠᠷ ᠬᠤᠭᠤᠴᠠᠭ᠎ᠠ ᠡᠴᠡ ᠠᠪᠤᠪᠡ᠃ )