《ᠲᠣᠷᠭᠠᠨ ᠵᠢᠯᠤᠭᠤ》ᠰᠡᠳᠭᠦᠯ ᠦᠨ ᠬᠢᠨ
ᠲᠦᠩᠯᠢᠶᠣᠣ᠂ ᠤᠯᠠᠭᠠᠨᠬᠠᠳᠠ᠂ ᠰᠢᠯᠢ ᠢᠢᠨ ᠭᠣᠣᠯ ᠠᠢᠢᠮᠠᠭ ᠤᠨ ᠬᠡᠰᠡᠭ
ᠰᠤᠷᠭᠠᠭᠤᠯᠢ ᠨᠤᠭᠤᠳ ᠢᠢᠡᠷ ᠬᠦᠷᠴᠦ᠂ ᠰᠡᠳᠭᠦᠯ ᠦᠨ ᠲᠣᠬᠠᠢ ᠰᠠᠨᠠᠯ
ᠬᠤᠷᠢᠶᠠᠪᠠ
《 ᠲᠣᠷᠭᠠᠨ ᠵᠢᠯᠤᠭᠤ》 ᠰᠡᠳᠭᠦᠯ ᠦᠨ ᠬᠢᠨ
5 ᠰᠠᠷ᠎ᠠ ᠢᠢᠨ 8 ᠡᠴᠡ 14 ᠪᠣᠯᠲᠠᠯ᠎ᠠ ᠣᠬᠣᠷᠬᠠᠨ ᠨᠢᠭᠡ
ᠭᠠᠷᠠᠭ ᠤᠨ ᠴᠠᠭ ᠢ ᠠᠰᠢᠭᠯᠠᠨ ᠂ ᠲᠦᠩᠯᠢᠶᠣᠣ᠂ ᠤᠯᠠᠭᠠᠨᠬᠠᠳᠠ᠂ ᠰᠢᠯᠢ ᠢᠢᠨ
ᠭᠣᠣᠯ ᠠᠢᠢᠮᠠᠭ ᠤᠨ ᠨᠠᠢᠮᠠᠨ ᠬᠤᠰᠢᠭᠤ ᠰᠢᠶᠠᠨ ᠤ ᠠᠷᠪᠠ ᠶᠢᠰᠦᠨ ᠮᠤᠩᠭᠤᠯ
ᠳᠤᠮᠳᠠᠲᠤ ᠰᠤᠷᠭᠠᠭᠤᠯᠢ ᠪᠠᠷ ᠬᠦᠷᠴᠦ᠂ ᠪᠠᠭᠰᠢ ᠰᠤᠷᠤᠭᠴᠢᠳ ᠲᠠᠢ ᠬᠠᠮᠲᠤ ᠪᠠᠷ
ᠰᠡᠳᠭᠦᠯ ᠦᠨ ᠲᠣᠬᠠᠢ ᠶᠠᠷᠢᠯᠴᠠᠨ ᠰᠣᠳᠤᠯᠪᠠ᠃ ᠶᠠᠷᠢᠯᠴᠠᠭᠠᠨ ᠳᠤ ᠰᠡᠳᠭᠦᠯ ᠦᠨ
ᠠᠭᠤᠯᠭ᠎ᠠ ᠪᠣᠯᠤᠩ ᠤᠨ ᠦᠷᠭᠡᠳᠭᠡᠯ ᠰᠢᠨᠡᠳᠭᠡᠯ᠂ ᠪᠠᠷ ᠬᠡᠪᠯᠡᠯ ᠦᠨ ᠭᠣᠶᠤᠯᠠᠯ
ᠵᠢᠴᠢ ᠲᠠᠷᠬᠠᠭᠠᠯᠲᠠ ᠢᠢᠨ ᠲᠠᠯ᠎ᠠ ᠪᠠᠷ ᠦᠷᠭᠡᠨ ᠢᠢᠡᠷ ᠰᠠᠨᠠᠯ ᠰᠣᠯᠢᠯᠴᠠᠪᠠ᠃
ᠶᠠᠷᠢᠯᠴᠠᠭᠠᠨ ᠤ ᠳ᠋ᠦᠩ ᠳᠦ ᠪᠠᠭᠰᠢ ᠰᠤᠷᠤᠭᠴᠢᠳ ᠰᠡᠳᠭᠦᠯ ᠦᠨ ᠲᠣᠬᠠᠢ ᠦᠷ᠎ᠡ
ᠳᠠᠭᠠᠪᠤᠷᠢ ᠲᠠᠢ ᠵᠦᠪ ᠰᠠᠨᠠᠯ ᠰᠠᠨᠠᠭᠤᠯᠭ᠎ᠠ ᠳᠤᠷᠠᠳᠴᠤ᠂ ᠰᠡᠳᠭᠦᠯ ᠦᠨ ᠬᠢᠨ ᠲᠡᠷᠡ
ᠰᠠᠨᠠᠯ ᠤᠳ ᠢ ᠵᠦᠪ ᠢᠢᠡᠷ ᠦᠨᠡᠯᠡᠨ᠂ ᠬᠣᠢᠢᠰᠢᠲᠠ ᠢᠢᠨ ᠠᠵᠢᠯ ᠳᠠᠭᠠᠨ ᠡᠷᠴᠢ
ᠬᠦᠴᠦᠨ ᠪᠣᠯᠭᠠᠬᠤ ᠪᠠᠨ ᠢᠯᠡᠷᠬᠡᠢᠢᠯᠡᠭᠰᠡᠨ ᠪᠠᠢᠢᠨ᠎ᠠ᠃ ᠲᠤᠰ ᠪᠠᠢᠢᠴᠠᠭᠠᠯᠲᠠ ᠢᠢᠨ
ᠠᠵᠢᠯᠯᠠᠭ᠎ᠠ ᠨᠢ ᠦᠨᠳᠦᠰᠦᠨ ᠱᠠᠲᠤᠨ ᠤ ᠪᠠᠭᠰᠢ ᠰᠤᠷᠤᠭᠴᠢᠳ ᠤᠨ ᠬᠠᠯᠠᠭᠤᠨ
ᠬᠦᠷᠢᠶᠡᠯᠡᠯ ᠪᠠ ᠬᠦᠴᠦᠲᠡᠢ ᠳᠡᠮᠵᠢᠯᠭᠡ ᠶᠢ ᠣᠯᠤᠭᠰᠠᠨ ᠡᠴᠡ 《ᠲᠣᠷᠭᠠᠨ ᠵᠢᠯᠤᠭᠤ
》ᠰᠡᠳᠭᠦᠯ ᠦᠨ ᠴᠢᠨᠠᠷ ᠴᠢᠨᠰᠠᠭ᠎ᠠ ᠢᠢᠨ ᠠᠬᠢᠨ ᠳᠡᠭᠡᠭᠰᠢᠯᠡᠬᠦ ᠳᠦ ᠶᠡᠬᠡᠬᠡᠨ
ᠲᠤᠰᠠ ᠳᠡᠮᠵᠢᠯᠭᠡ ᠪᠣᠯᠬᠤ ᠨᠢ ᠳᠠᠮᠵᠢᠭ ᠦᠭᠡᠢ᠃(ᠬᠠᠰᠡᠷᠳᠡᠨᠢ
ᠮᠡᠳᠡᠭᠡᠯᠡᠪᠡ)