ᠤᠯᠠᠮᠵᠢᠯᠠᠯᠲᠤ ᠰᠤᠷᠭᠠᠨ ᠬᠦᠮᠦᠵᠢᠯ
ᠣᠳᠣ ᠦᠶ᠎ᠡ ᠶᠢᠨ ᠰᠤᠷᠭᠠᠨ ᠬᠦᠮᠦᠵᠢᠯ
ᠭᠠᠳᠠᠭᠠᠲᠤ ᠶᠢᠨ ᠰᠤᠷᠭᠠᠨ ᠬᠦᠮᠦᠵᠢᠯ
          ᠦᠪᠦᠷ ᠮᠤᠩᠭᠤᠯ ᠤᠨ ᠴᠡᠴᠡᠷᠯᠢᠭ᠌ ᠦᠨ ᠰᠤᠷᠭᠠᠨ ᠬᠦᠮᠦᠵᠢᠯ ᠦᠨ
          ᠬᠢᠴᠢᠶᠡᠯᠯᠡᠭᠡ ᠶᠢᠨ ᠥᠭᠡᠷᠡᠴᠢᠯᠡᠯᠲᠡ ᠳᠦ ᠣᠷᠤᠰᠢᠵᠤ ᠪᠠᠢᠢᠭ᠎ᠠ
          ᠠᠰᠠᠭᠤᠳᠠᠯ ᠵᠢᠴᠢ ᠲᠡᠭᠦᠨ ᠳᠦ ᠴᠢᠭ᠌ᠯᠡᠭᠳᠡᠭᠰᠡᠨ ᠠᠷᠭ᠎ᠠ ᠪᠣᠳᠤᠯᠭ᠎ᠠ
                                         ᠸᠠᠩ ᠯᠢᠩᠬᠤ᠎ᠠ
    ᠨᠢᠭᠡ᠂ ᠦᠪᠤᠷ ᠮᠤᠩᠭᠤᠯ ᠤᠨ ᠴᠡᠴᠡᠷᠯᠢᠭ᠌ ᠤᠨ ᠰᠤᠷᠭᠠᠨ ᠭᠦᠮᠦᠵᠢᠯ ᠤᠨ ᠬᠢᠴᠢᠶᠠᠯᠯᠠᠭᠡ ᠵᠢᠨ ᠦᠭᠡᠷᠡᠴᠢᠯᠠᠯᠳᠠ ᠳᠤ ᠤᠷᠤᠰᠢᠵᠤ ᠪᠠᠢᠢᠭ᠎ᠠ ᠠᠰᠠᠭᠤᠳᠠᠯ
    ᠤᠯᠤᠰ ᠤᠨ ᠲᠤᠳᠤᠭᠠᠳᠤ ᠭᠠᠳᠠᠭᠠᠳᠤ ᠵᠢᠨ ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠶᠠᠭᠡ ᠤᠷᠤᠰᠬᠠᠯ ᠨᠢ ᠦᠪᠤᠷ ᠮᠤᠩᠭᠤᠯ ᠤᠨ ᠴᠡᠴᠡᠷᠯᠢᠭ᠌ ᠤᠨ ᠬᠢᠴᠢᠶᠠᠯᠯᠠᠭᠡ ᠵᠢᠨ ᠦᠭᠡᠷᠡᠴᠢᠯᠠᠯᠳᠠ ᠳᠤ ᠪᠤᠰᠤᠳᠴᠢ ᠨᠦᠭᠦᠴᠠᠯ ᠬᠠᠩᠭᠠᠭᠰᠠᠨ ᠪᠤᠯᠪᠠᠴᠤ᠂ ᠭᠡᠤᠭᠡᠳ ᠤᠨ ᠪᠠᠶ᠎ᠠ ᠰᠡᠳᠬᠢᠴᠠ ᠵᠢᠨ ᠭᠦᠭᠵᠢᠯᠳᠠ ᠵᠢᠨ ᠪᠤᠰᠤᠳᠴᠢ ᠱᠠᠭᠠᠷᠳᠠᠯᠭ᠎ᠠ ᠨᠢ ᠬᠢᠴᠢᠶᠠᠯᠯᠠᠭᠡ ᠵᠢᠨ ᠦᠭᠡᠷᠠᠴᠢᠯᠠᠯᠳᠠ ᠵᠢᠨ ᠲᠤᠳᠤᠭᠠᠳᠤ ᠭᠦᠴᠦᠨ ᠪᠤᠯᠤᠭᠰᠠᠨ ᠪᠠᠢᠢᠨ᠎ᠠ᠃ ᠤᠨᠴᠠᠭᠠᠢᠢᠯᠠᠨ ᠲᠡᠭᠡᠷ᠎ᠠ ᠵᠠᠭᠤᠨ ᠤ ᠶᠠᠷᠡᠭᠡᠳ ᠤᠨ ᠡᠴᠡ ᠨᠠᠰᠢ᠂ ᠦᠪᠤᠷ ᠮᠤᠩᠭᠤᠯ ᠤᠨ ᠴᠡᠴᠡᠷᠯᠢᠭ᠌ ᠤᠨ ᠬᠢᠴᠢᠶᠠᠯᠯᠠᠭᠡ ᠵᠢᠨ ᠦᠭᠡᠷᠡᠴᠢᠯᠠᠯᠳᠠ ᠮᠠᠰᠢ ᠤᠷᠤᠭᠰᠢᠳᠠᠢ ᠶᠠᠪᠤᠭᠳᠠᠵᠤ ᠶᠠᠭᠡᠭᠡᠨ ᠠᠮᠵᠯᠳᠠ ᠤᠯᠵᠠᠢ᠃ ᠬᠠᠮᠳᠤ ᠳᠤᠨᠢ ᠪᠠᠰᠠ ᠰᠢᠨ᠎ᠠ ᠬᠢᠴᠢᠶᠠᠯᠯᠠᠭᠡ ᠵᠢᠨ ᠱᠠᠭᠠᠷᠳᠠᠯᠭ᠎ᠠ ᠳᠤ ᠨᠠᠢᠢᠴᠠᠭᠦ ᠦᠭᠡᠢ ᠡᠳᠤᠢ ᠲᠠᠳᠤᠢ ᠠᠰᠠᠭᠤᠳᠠᠯ ᠢᠯᠠᠷᠠᠨ ᠭᠠᠷᠤᠭᠰᠠᠨ ᠪᠠᠢᠢᠨ᠎ᠠ᠃
    (ᠨᠢᠭᠡ) ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠵᠢᠯᠤᠭᠤᠳᠬᠤ ᠦᠵᠠᠯ ᠰᠠᠨᠠᠭ᠎ᠠ ᠵᠢᠨ ᠲᠤᠬᠠᠢ ᠤᠨᠤᠯ ᠤᠨ ᠲᠠᠨᠢᠯᠳᠠ ᠲᠤᠳᠠᠮᠠᠬ
    2001 ᠤᠨ ᠳᠤ ᠲᠤᠭᠳᠠᠭᠠᠨ ᠭᠡᠷᠡᠭᠵᠢᠭᠦᠯᠦᠭᠰᠡᠨ 《ᠴᠡᠴᠡᠷᠯᠢᠭ᠌ ᠤᠨ ᠰᠤᠷᠭᠠᠨ ᠭᠦᠮᠦᠵᠢᠯ ᠤᠨ ᠵᠢᠯᠤᠭᠤᠳᠬᠤ ᠭᠦᠳᠤᠯᠪᠤᠷᠢ(ᠲᠤᠷᠰᠢᠨ ᠭᠡᠷᠡᠭᠯᠠᠭᠦ)》  ᠳᠤ ᠨᠠᠰᠤᠨ ᠲᠤᠷᠰᠢᠳᠠ ᠵᠢᠨ ᠰᠤᠷᠭᠠᠨ ᠭᠦᠮᠦᠵᠢᠯ ᠤᠨ ᠦᠵᠠᠯᠳᠠ᠂  ᠭᠡᠤᠭᠡᠳ ᠵᠢᠠᠷ ᠭᠤᠤᠯ ᠪᠤᠯᠭᠠᠬᠤ ᠦᠵᠠᠯᠳᠠ᠂  ᠰᠢᠨ᠎ᠠ ᠮᠠᠳᠠᠯᠭᠡ ᠬᠢᠭᠡᠳ ᠰᠤᠷᠬᠤᠢ ᠵᠢᠨ ᠦᠵᠠᠯᠳᠠ ᠵᠡᠷᠭᠡ ᠵᠢ ᠰᠢᠨ᠎ᠠ ᠪᠠᠷ ᠲᠤᠷᠠᠳᠤᠨ ᠭᠠᠷᠭᠠᠵᠤ᠂  ᠡᠳᠡᠭᠡᠷ ᠨᠢ ᠰᠢᠨ᠎ᠠ ᠨᠢᠭᠡ ᠡᠷᠢᠨ ᠤ ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠵᠢᠯᠤᠭᠤᠳᠬᠤ ᠦᠵᠠᠯ ᠰᠠᠨᠠᠭ᠎ᠠ ᠪᠤᠯᠵᠠᠢ᠃  ᠦᠪᠤᠷ ᠮᠤᠩᠭᠤᠯ ᠤᠷᠤᠨ ᠤ ᠡᠯ᠎ᠠ ᠲᠦᠷᠤᠯ ᠤᠨ᠂ ᠡᠯ᠎ᠠ ᠲᠠᠰ ᠤᠨ ᠴᠡᠴᠡᠷᠯᠢᠭ᠌ ᠤᠨ ᠬᠠᠮᠢᠶᠠᠷᠤᠯᠳᠠ ᠵᠢᠨ ᠠᠵᠢᠯᠳᠠᠨ ᠪᠠᠭᠰᠢᠨᠠᠷ ᠡᠯ᠎ᠠ ᠵᠦᠢᠯ ᠤᠨ ᠠᠷᠭ᠎ᠠ ᠵᠠᠮ ᠵᠢᠠᠷ ᠡᠳᠡᠭᠡᠷ ᠰᠢᠨ᠎ᠠ ᠵᠢᠯᠤᠭᠤᠳᠬᠤ ᠦᠵᠠᠯ ᠰᠠᠨᠠᠭ᠎ᠠ ᠵᠢ ᠰᠤᠷᠤᠯᠴᠠᠵᠤ ᠪᠤᠯᠪᠠᠰᠤᠷᠠᠭᠰᠠᠨ ᠪᠤᠯᠪᠠᠴᠤ᠂  ᠤᠨᠤᠯ ᠦᠢᠯᠠᠳᠤᠯᠭᠡ ᠵᠢᠨ ᠲᠠᠯ᠎ᠠ ᠳᠤ ᠪᠦᠷᠢᠮᠤᠰᠤᠨ ᠭᠡᠷᠡᠭᠯᠠᠵᠤ ᠲᠠᠢᠢᠯᠭᠦ ᠦᠭᠡᠢ᠂  ᠪᠤᠳᠠᠳᠠᠢ ᠳᠤ ᠲᠤᠤᠱᠯᠠᠭᠤᠯᠵᠤ ᠲᠠᠢᠢᠯᠭᠦ ᠦᠭᠡᠢ ᠦᠵᠡᠭᠳᠡᠯ ᠤᠷᠤᠰᠢᠵᠤ ᠪᠤᠢ᠃ ᠵᠢᠱᠢᠶᠠᠯᠠᠪᠠᠯ᠂  ᠤᠨᠤᠯ ᠤᠨ ᠰᠤᠳᠤᠯᠭᠠᠨ ᠤ ᠦᠷ᠎ᠠ ᠪᠦᠳᠤᠭᠡᠯ ᠤᠨ ᠴᠢᠨᠠᠷ ᠴᠢᠨᠰᠠᠭ᠎ᠠ ᠨᠢ ᠭᠦᠷᠤᠯᠴᠠᠭᠦ  ᠦᠭᠡᠢ᠂  ᠵᠠᠷᠢᠮ ᠴᠡᠴᠡᠷᠯᠢᠭ᠌ ᠨᠢ ᠬᠠᠮᠢᠶ᠎ᠠ ᠪᠦᠭᠦᠢ ᠬᠢᠴᠢᠶᠠᠯᠯᠠᠭᠡ ᠵᠢᠨ ᠰᠤᠳᠤᠯᠭᠠᠨ ᠢ ᠪᠠᠶ᠎ᠠ ᠪᠠᠨ ᠲᠠᠭᠠᠭᠠᠨ ᠦᠷᠨᠢᠭᠦᠯᠵᠤ ᠲᠠᠢᠢᠯᠭᠦ ᠦᠭᠡᠢ᠂ ᠬᠢᠴᠢᠶᠠᠯᠯᠠᠭᠡ ᠵᠢᠨ ᠦᠭᠡᠷᠡᠴᠢᠯᠠᠯᠳᠠ ᠨᠢ ᠭᠠᠵᠠᠷ ᠤᠷᠤᠨ ᠤ ᠤᠨᠴᠠᠯᠢᠭ᠂  ᠦᠨᠳᠤᠰᠤᠳᠠᠨ ᠤ ᠤᠨᠴᠠᠯᠢᠬ ᠵᠠᠷᠭᠡ  ᠦᠪᠠᠷᠮᠢᠴᠠ ᠤᠨᠴᠠᠯᠢᠭ ᠵᠢᠠᠷ ᠲᠤᠳᠠᠮᠠᠬ ᠵᠡᠷᠭᠡ ᠪᠠᠢᠢᠳᠠᠯ ᠢᠯᠠᠷᠠᠵᠤ ᠪᠤᠢ᠃
    ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠵᠢᠯᠤᠭᠤᠳᠬᠤ ᠦᠵᠠᠯ ᠰᠠᠨᠠᠭ᠎ᠠ ᠳᠤ ᠭᠡᠯᠪᠠᠢᠢᠭᠦᠤ ᠦᠢᠯᠠᠭᠠᠯᠳᠠ ᠲᠠᠢ ᠪᠤᠯᠤᠭᠰᠠᠨ ᠵᠢᠠᠷ ᠰᠢᠨᠵᠢᠯᠠᠭᠦ ᠤᠬᠠᠭᠠᠨᠴᠢ ᠬᠠᠷᠠᠯᠳᠠ ᠲᠤᠭᠳᠠᠭᠠᠬᠤ ᠳᠤ ᠭᠦᠴᠢᠷᠳᠡᠳᠡᠭ᠃  ᠵᠢᠱᠢᠶᠠᠯᠠᠪᠠᠯ᠂  ᠨᠠᠰᠤᠨ ᠲᠤᠷᠰᠢᠳᠠ ᠵᠢᠨ ᠰᠤᠷᠭᠠᠨ ᠭᠦᠮᠦᠵᠢᠯ ᠤᠨ ᠲᠠᠨᠢᠯᠳᠠ ᠲᠤᠳᠠᠮᠠᠬ ᠪᠠᠢᠢᠬᠤ ᠡᠴᠡ ᠪᠤᠯᠵᠤ ᠬᠢᠴᠢᠶᠠᠯᠯᠠᠭᠡ ᠵᠢᠨ ᠬᠠᠷᠠᠯᠳᠠ ᠵᠢ ᠲᠤᠭᠳᠠᠭᠠᠬᠤ ᠦᠶ᠎ᠠ ᠳᠤ ᠭᠡᠤᠭᠡᠳ ᠤᠨ ᠪᠦᠭᠦ ᠲᠠᠯ᠎ᠠ ᠵᠢᠨ ᠭᠦᠭᠵᠢᠯᠳᠠ ᠵᠢ ᠪᠤᠳᠤᠯᠬᠢᠯᠠᠵᠤ ᠲᠠᠢᠢᠯᠭᠦ ᠦᠭᠡᠢ ᠦᠵᠡᠭᠳᠡᠯ ᠢᠯᠠᠷᠠᠳᠡᠭ᠃
    ᠬᠢᠴᠢᠶᠠᠯᠯᠠᠭᠡ ᠵᠢᠨ ᠬᠠᠷᠠᠯᠳᠠ ᠨᠢ ᠠᠭᠤᠯᠭ᠎ᠠ ᠵᠢ ᠰᠤᠩᠭᠤᠵᠤ᠂ ᠵᠤᠬᠢᠶᠠᠨ ᠪᠠᠢᠢᠭᠤᠯᠬᠤ ᠵᠢᠨ ᠴᠢᠭ᠌ᠯᠡᠭᠦᠷ ᠪᠤᠯᠤᠨ᠎ᠠ᠃ ᠬᠠᠷᠠᠯᠳᠠ ᠨᠢ ᠰᠢᠨᠵᠢᠯᠠᠭᠦ ᠤᠬᠠᠭᠠᠨᠴᠢ ᠴᠢᠨᠠᠷ᠂  ᠪᠦᠭᠦᠯᠢ ᠴᠤᠭᠴᠠᠳᠤ ᠴᠢᠨᠠᠷ ᠵᠡᠷᠭᠡ ᠲᠠᠯ᠎ᠠ ᠪᠠᠷ ᠲᠤᠳᠠᠮᠠᠬ ᠡᠴᠡ ᠪᠤᠯᠵᠤ᠂ ᠬᠢᠴᠢᠶᠠᠯᠯᠠᠭᠡ ᠵᠢᠨ ᠠᠭᠤᠯᠭ᠎ᠠ ᠨᠢ ᠵᠦᠪᠭᠡᠨ ᠭᠡᠤᠭᠡᠳ ᠲᠤ ᠲᠤᠭᠳᠠᠭᠰᠠᠨ ᠦᠭᠦᠮᠠᠯ ᠮᠠᠳᠠᠯᠭᠡ ᠬᠠᠩᠭᠠᠬᠤ ᠵᠢ ᠭᠦᠨᠳᠤᠳᠭᠡᠨ ᠴᠢᠳᠠᠪᠤᠷᠢ᠂  ᠤᠪᠤᠷ᠂  ᠰᠡᠳᠬᠢᠯᠭᠡ ᠵᠢᠨ ᠭᠦᠭᠵᠢᠯᠳᠠ ᠵᠢ ᠠᠬᠢᠭᠤᠯᠬᠤ ᠦᠢᠯᠠᠳᠤᠯ ᠨᠢ ᠲᠤᠪᠤᠢᠢᠮ᠎ᠠ ᠪᠢᠰᠢ᠃  ᠬᠢᠴᠢᠶᠠᠯᠯᠠᠭᠡ ᠵᠢᠨ ᠠᠭᠤᠯᠭ᠎ᠠ ᠨᠢ ᠪᠠᠰᠠ ᠴᠠᠭ ᠦᠶ᠎ᠠ ᠵᠢᠨ ᠭᠦᠭᠵᠢᠯᠳᠠ ᠵᠢᠨ ᠱᠠᠭᠠᠷᠳᠠᠯᠭ᠎ᠠ ᠳᠤ ᠨᠠᠢᠢᠴᠠᠭᠦ ᠦᠭᠡᠢ ᠬᠠᠭᠤᠴᠢᠨ ᠮᠦᠷᠳᠡᠭᠡᠨ ᠬᠤᠴᠤᠷᠤᠩᠭᠤᠢ ᠦᠵᠡᠭᠳᠡᠯ ᠤᠷᠤᠰᠢᠵᠤ ᠪᠠᠢᠢᠨ᠎ᠠ᠃  ᠭᠦᠳᠡᠭᠡ ᠲᠤᠰᠬᠤᠨ ᠮᠠᠯᠵᠢᠬᠤ ᠤᠷᠤᠨ ᠤ ᠴᠡᠴᠡᠷᠯᠢᠭ᠌ ᠲᠤ ᠡᠢᠢᠮᠦᠷᠭᠦᠤ ᠦᠵᠡᠭᠳᠡᠯ ᠨᠠᠩ ᠲᠤᠪᠤᠢᠢᠮ᠎ᠠ ᠤᠷᠤᠰᠢᠵᠤ ᠪᠠᠢᠢᠳᠠᠬ᠃  ᠬᠢᠴᠢᠶᠠᠯᠯᠠᠭᠡ ᠵᠢ ᠵᠤᠬᠢᠶᠠᠨ ᠪᠠᠢᠢᠭᠤᠯᠬᠤ ᠲᠠᠯ᠎ᠠ ᠪᠠᠷ ᠪᠠᠰᠠ ᠯᠠ 《ᠪᠠᠭᠰᠢ ᠨᠢ ᠶᠠᠷᠢᠵᠤ᠂  ᠭᠡᠤᠭᠡᠳ ᠨᠢ ᠰᠤᠨᠤᠰᠬᠤ》 ᠪᠠᠢᠢᠳᠠᠯ ᠲᠤᠪᠤᠢᠢᠮ᠎ᠠ ᠪᠠᠢᠢᠵᠤ᠂ ᠬᠢᠴᠢᠶᠠᠯᠯᠠᠭᠡ ᠨᠢ ᠭᠡᠤᠭᠡᠳ ᠵᠢᠠᠷ ᠭᠤᠤᠯ ᠪᠤᠯᠭᠠᠬᠤ᠂  ᠲᠤᠭᠯᠠᠭᠠᠮ ᠵᠢᠠᠷ ᠴᠡᠴᠡᠷᠯᠢᠭ᠌ ᠤᠨ ᠭᠤᠤᠯᠯᠠᠬᠤ ᠭᠦᠳᠠᠯᠭᠡᠭᠡᠨ ᠪᠤᠯᠭᠠᠬᠤ ᠵᠡᠷᠭᠡ ᠰᠢᠨ᠎ᠠ ᠤᠢᠢᠯᠠᠭᠠᠭᠳᠠᠬᠤᠨ ᠬᠠᠷᠠᠬᠠᠨ ᠪᠤᠢ ᠪᠤᠯᠤᠭᠠᠳᠤᠢ ᠪᠠᠢᠢᠭᠰᠠᠭᠠᠷ᠃
    ᠬᠢᠴᠢᠶᠠᠯᠯᠡᠭᠡ ᠵᠢᠨ ᠦᠨᠠᠯᠠᠯᠳᠠ ᠵᠢᠨ ᠲᠠᠯ᠎ᠠ ᠪᠠᠷ ᠴᠡᠴᠡᠷᠯᠢᠭ᠌ ᠤᠨ ᠪᠠᠭᠰᠢ ᠵᠢᠨ ᠵᠢᠭᠠᠨ ᠰᠤᠷᠭᠠᠬᠤ ᠠᠵᠢᠯ ᠳᠤ ᠦᠨᠠᠯᠠᠯᠳᠠ ᠬᠢᠭᠦ ᠳᠤ᠂ ᠭᠡᠤᠭᠡᠳ ᠢ ᠬᠢᠷᠢ ᠵᠡᠷᠭᠡ ᠮᠠᠳᠠᠯᠭᠡ ᠡᠵᠠᠮᠰᠢᠭ᠌ᠰᠡᠨ ᠵᠢᠠᠷ ᠪᠠᠭᠰᠢ ᠵᠢᠨ ᠠᠵᠢᠯ ᠤᠨ ᠦᠷ᠎ᠠ ᠪᠦᠳᠤᠮᠵᠢ ᠵᠢ ᠭᠡᠮᠵᠢᠵᠤ᠂ ᠬᠠᠷᠢᠨ ᠭᠡᠤᠭᠡᠳ ᠤᠨ ᠤᠪᠤᠷ᠂ ᠰᠡᠳᠬᠢᠯᠭᠡ᠂ ᠴᠢᠳᠠᠪᠤᠷᠢ ᠵᠡᠷᠭᠡ ᠲᠠᠯ᠎ᠠ ᠪᠠᠷ ᠶᠠᠮᠠᠷ ᠵᠡᠷᠭᠡ ᠬᠤᠪᠢᠷᠠᠯᠳᠠ ᠭᠠᠷᠤᠭᠰᠠᠨ ᠢ ᠲᠠᠮᠠᠢ ᠯᠠ ᠠᠩᠬᠠᠷᠬᠤ ᠦᠭᠡᠢ ᠪᠠᠢᠢᠳᠠᠬ᠃  ᠪᠠᠰᠠ ᠪᠠᠭᠰᠢ ᠳᠤ ᠲᠠᠩ ᠭᠠᠭᠴᠠ ᠲᠠᠯ᠎ᠠ ᠵᠢᠨ ᠦᠨᠠᠯᠠᠯᠳᠠ ᠬᠢᠵᠤ᠂ ᠪᠤᠰᠤᠳ ᠲᠠᠯ᠎ᠠ ᠵᠢᠨ ᠦᠨᠠᠯᠠᠯᠳᠠ ᠵᠢ ᠲᠠᠮᠠᠢ ᠭᠦᠨᠳᠤᠳᠭᠡᠭᠦ ᠦᠭᠡᠢ ᠪᠠᠢᠢᠳᠠᠬ᠃
    ᠬᠤᠶᠠᠷ᠂ ᠦᠪᠤᠷ ᠮᠤᠩᠭᠤᠯ ᠤᠨ ᠴᠡᠴᠡᠷᠯᠢᠭ᠌ ᠤᠨ ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠠᠰᠠᠭᠤᠳᠠᠯ ᠳᠤ ᠴᠢᠭ᠌ᠯᠡᠭᠳᠡᠭᠰᠡᠨ ᠠᠷᠭ᠎ᠠ ᠪᠤᠳᠤᠯᠭ᠎ᠠ
  (ᠨᠢᠭᠡ)  ᠤᠨᠤᠯ ᠤᠨ ᠰᠤᠷᠤᠯᠴᠠᠯᠭ᠎ᠠ ᠵᠢ ᠴᠢᠩᠭᠠᠳᠬᠠᠨ᠂  ᠪᠠᠭᠰᠢ ᠨᠠᠷ ᠤᠨ ᠰᠢᠨ᠎ᠠ ᠬᠢᠴᠢᠶᠠᠯᠯᠡᠭᠡ ᠶᠢᠨ ᠶᠠᠪᠤᠴᠠ ᠲᠤᠮᠳᠠ ᠪᠠᠶ᠎ᠠ ᠪᠠᠨ ᠲᠠᠭᠠᠭᠠᠨ ᠰᠤᠳᠤᠯᠭᠠᠨ ᠬᠢᠭᠦ ᠵᠢ ᠵᠤᠷᠢᠬᠵᠢᠭᠤᠯᠤᠨ ᠲᠠᠮᠵᠢᠭᠦ ᠭᠡᠷᠡᠭᠳᠠᠢ᠃
  《ᠴᠡᠴᠡᠷᠯᠢᠭ᠌ ᠤᠨ ᠰᠤᠷᠭᠠᠨ ᠭᠦᠮᠦᠵᠢᠯ ᠤᠨ ᠵᠢᠯᠤᠭᠤᠳᠬᠤ ᠭᠦᠳᠤᠯᠪᠤᠷᠢ(ᠲᠤᠷᠰᠢᠨ ᠭᠡᠷᠡᠭᠯᠠᠭᠦ)》 ᠵᠢ ᠲᠤᠤᠱᠳᠠᠢ ᠰᠤᠷᠤᠯᠴᠠᠵᠤ᠂  ᠴᠡᠴᠡᠷᠯᠢᠭ᠌ ᠤᠨ ᠰᠤᠷᠭᠠᠨ ᠭᠦᠮᠦᠵᠢᠯ ᠤᠨ ᠲᠠᠪᠴᠠᠩ ᠳᠤ ᠰᠢᠨ᠎ᠠ ᠪᠠᠷ ᠲᠤᠷᠠᠳᠤᠨ ᠭᠠᠷᠭᠠᠭᠰᠠᠨ ᠦᠵᠠᠯ ᠰᠠᠨᠠᠭ᠎ᠠ ᠨᠤᠭᠤᠳ ᠢ ᠪᠠᠳᠤᠳᠠᠢ  ᠰᠤᠷᠤᠯᠴᠠᠨ ᠵᠤᠷᠢᠭᠳᠠᠢ ᠭᠦᠯᠢᠶᠠᠨ ᠠᠪᠴᠤ᠂  ᠲᠠᠭᠦᠨ ᠢ ᠲᠠᠷᠤᠢ ᠲᠦᠷᠭᠡᠨ ᠰᠤᠷᠭᠠᠨ ᠭᠦᠮᠦᠵᠢᠯ ᠤᠨ ᠦᠢᠯᠠᠳᠤᠯᠭᠡ ᠵᠢᠨ ᠲᠤᠮᠳᠠ ᠨᠠᠪᠴᠢᠨ ᠤᠷᠤᠭᠤᠯᠵᠤ᠂ ᠲᠠᠭᠦᠨ ᠤ ᠵᠢᠯᠤᠭᠤᠳᠬᠤ ᠦᠢᠯᠠᠳᠤᠯ ᠢ ᠭᠦᠢᠴᠠᠳ ᠪᠠᠳᠠᠷᠠᠭᠤᠯᠬᠤ ᠭᠡᠷᠡᠭᠳᠠᠢ᠃ ᠲᠠᠭᠢᠪᠠᠯ ᠪᠠᠭᠰᠢ ᠨᠠᠷ ᠵᠢᠭᠠᠨ ᠰᠤᠷᠭᠠᠯᠳᠠ ᠲᠤᠮᠳᠠ ᠪᠠᠨ ᠭᠡᠤᠭᠡᠳ ᠤᠨ ᠲᠤᠮᠳᠠ ᠭᠦᠨᠵᠡᠭᠡᠢᠢᠷᠡᠨ ᠪᠠᠯᠴᠢᠷ ᠭᠡᠤᠭᠡᠳ ᠤᠨ ᠪᠠᠶ᠎ᠠ ᠰᠡᠳᠬᠢᠴᠠ ᠵᠢᠨ ᠭᠦᠭᠵᠢᠯᠳᠠ ᠵᠢᠨ ᠰᠢᠨ᠎ᠠ ᠱᠠᠭᠠᠷᠳᠠᠯᠭ᠎ᠠ ᠵᠢ ᠭᠦᠢᠴᠠᠳ ᠤᠢᠢᠯᠠᠭᠠᠵᠤ᠂  ᠲᠠᠭᠦᠨ ᠢ ᠬᠢᠴᠢᠶᠠᠯᠯᠠᠭᠡ ᠵᠢᠨ ᠦᠭᠡᠷᠡᠴᠢᠯᠠᠯᠳᠠ ᠵᠢᠨ ᠰᠤᠳᠤᠯᠭᠠᠨ ᠤ ᠠᠵᠢᠯ ᠤᠨ ᠡᠬᠢᠯᠠᠯᠳᠠ ᠪᠤᠯᠭᠠᠬᠤ ᠮᠦᠷᠳᠡᠭᠡᠨ ᠭᠦᠭᠵᠢᠯᠳᠠ ᠵᠢ ᠠᠬᠢᠭᠤᠯᠬᠤ ᠰᠤᠳᠤᠯᠭᠠᠨ ᠤ ᠲᠠᠮᠠᠴᠠᠭᠦ ᠬᠠᠷᠠᠯᠳᠠ ᠪᠤᠯᠭᠠᠵᠤ ᠴᠢᠳᠠᠪᠠᠯ  ᠰᠠᠶᠢ ᠴᠡᠴᠡᠷᠯᠢᠭ᠌ ᠤᠨ ᠪᠠᠭᠰᠢ ᠵᠢᠨ ᠠᠵᠢᠯ ᠳᠤ ᠠᠮᠢᠯᠠᠯ ᠤᠨ ᠰᠢᠨ᠎ᠠ ᠭᠦᠴᠦᠨ ᠢ ᠤᠯᠭᠤᠵᠤ᠂ ᠰᠠᠶᠢ ᠰᠢᠨ᠎ᠠ ᠴᠠᠭ ᠦᠶ᠎ᠠ ᠵᠢᠨ ᠴᠡᠴᠡᠷᠯᠢᠭ᠌ ᠤᠨ ᠪᠠᠭᠰᠢ ᠵᠢᠨ ᠠᠵᠢᠯ ᠤᠨ ᠦᠨ᠎ᠠ ᠴᠠᠨ᠎ᠠ ᠵᠢ ᠢᠯᠠᠷᠠᠭᠦᠯᠵᠤ ᠲᠠᠢᠢᠯᠤᠨ᠎ᠠ᠃
    (ᠬᠤᠶᠠᠷ)  ᠴᠡᠴᠡᠷᠯᠢᠭ᠌ ᠤᠨ ᠬᠢᠴᠢᠶᠠᠯᠯᠠᠭᠡ ᠵᠢ ᠭᠡᠷᠡᠭᠵᠢᠭᠦᠯᠭᠦ ᠳᠤ ᠭᠡᠤᠭᠡᠳ ᠵᠢᠠᠷ ᠭᠤᠤᠯ ᠪᠤᠯᠭᠠᠨ ᠭᠡᠤᠭᠡᠳ ᠤᠨ ᠭᠦᠭᠵᠢᠯᠳᠠ ᠵᠢ ᠠᠬᠢᠭᠤᠯᠬᠤ ᠪᠠᠷ ᠬᠠᠷᠠᠯᠳᠠ ᠪᠤᠯᠭᠠᠬᠤ ᠭᠡᠷᠡᠭᠳᠠᠢ᠃
    ᠰᠢᠨ᠎ᠠ ᠬᠢᠴᠢᠶᠠᠯᠯᠠᠭᠡ ᠵᠢᠨ ᠬᠠᠷᠠᠯᠳᠠ ᠵᠢ ᠲᠤᠭᠳᠠᠭᠠᠬᠤ ᠳᠤ ᠭᠡᠤᠭᠡᠳ ᠤᠨ ᠪᠦᠭᠦ ᠲᠠᠯ᠎ᠠ ᠵᠢᠨ ᠭᠦᠭᠵᠢᠯᠳᠠ ᠵᠢ ᠠᠬᠢᠭᠤᠯᠬᠤ ᠵᠢ ᠲᠠᠷᠢᠭᠦᠨ ᠪᠠᠢᠢᠷᠢᠨ ᠳᠤ ᠲᠠᠯᠪᠢᠵᠤ᠂ ᠲᠤᠭᠯᠠᠭᠠᠮ ᠵᠡᠷᠭᠡ ᠲᠠᠯᠳᠠ ᠬᠢᠴᠢᠶᠠᠯᠯᠠᠭᠡ ᠵᠢᠨ ᠦᠢᠯᠠᠳᠤᠯ ᠢ ᠭᠦᠢᠴᠠᠳ ᠪᠠᠳᠠᠷᠠᠭᠤᠯᠵᠤ᠂ 《ᠭᠦᠳᠤᠯᠪᠤᠷᠢ》 ‍ ᠳᠤ ᠲᠤᠭᠳᠠᠭᠠᠭᠰᠠᠨ ᠡᠷᠡᠭᠦᠯ ᠴᠢᠬᠢᠷᠠᠬ᠂  ᠦᠭᠡ ᠭᠡᠯᠠ᠂  ᠨᠠᠢᠢᠭᠡᠮ᠂ ᠰᠢᠨᠵᠢᠯᠠᠭᠦ ᠤᠬᠠᠭᠠᠨ ᠬᠢᠭᠡᠳ ᠤᠷᠠᠯᠢᠬ ᠵᠡᠷᠭᠡ ᠲᠠᠪᠤᠨ ᠭᠦᠷᠢᠶ᠎ᠠ ᠴᠠᠷ᠎ᠠ ᠵᠢᠨ ᠤᠨᠴᠠ ᠲᠤᠭᠳᠠᠭᠰᠠᠨ ᠵᠢᠭᠠᠨ ᠰᠤᠷᠭᠠᠬᠤ ᠬᠠᠷᠠᠯᠳᠠ ᠵᠢᠨ ᠦᠷᠳᠡᠭ ᠤᠨ ᠬᠠᠨᠳᠤᠯᠭ᠎ᠠ ᠵᠢ ᠭᠡᠤᠭᠡᠳ ᠤᠨ ᠡᠯ᠎ᠠ ᠵᠦᠢᠯ ᠤᠨ ᠭᠦᠳᠠᠯᠭᠡᠭᠡᠨ ᠲᠤᠭᠯᠠᠭᠠᠮ ᠤᠨ ᠲᠤᠮᠳᠠ ᠴᠢᠳᠠᠬᠤ ᠵᠢᠨ ᠬᠢᠷᠢ ᠪᠠᠷ ᠢᠯᠠᠷᠠᠭᠦᠯᠦᠭᠰᠡᠨ ᠪᠠᠢᠢᠬᠤ ᠭᠡᠷᠡᠭᠳᠠᠢ᠃ ᠬᠢᠴᠢᠶᠠᠯᠯᠠᠭᠡ ᠵᠢᠨ ᠠᠭᠤᠯᠭ᠎ᠠ ᠵᠢ ᠰᠤᠩᠭᠤᠨ ᠵᠤᠬᠢᠶᠠᠨ ᠪᠠᠢᠢᠭᠤᠯᠬᠤ ᠳᠠᠭᠠᠨ ᠭᠡᠤᠭᠡᠳ ᠤᠨ ᠤᠳᠤᠬᠠᠨ ᠤ ᠬᠢᠷᠢ ᠲᠦᠪᠰᠢᠨ ᠳᠤ ᠵᠤᠬᠢᠴᠠᠭᠤᠯᠬᠤ ᠮᠦᠷᠳᠡᠭᠡᠨ ᠪᠠᠰᠠ ᠵᠤᠬᠢᠬᠤ ᠭᠦᠴᠢᠷᠳᠠᠯᠭᠡ ᠲᠠᠢ᠂  ᠭᠡᠤᠭᠡᠳ ᠤᠨ ᠪᠤᠳᠠᠳᠤ ᠭᠡᠷᠡᠭᠴᠡᠭᠡ ᠵᠢ ᠬᠠᠩᠭᠠᠬᠤ ᠮᠦᠷᠳᠡᠭᠡᠨ ᠪᠠᠰᠠ ᠠᠯᠤᠰ ᠭᠡᠳᠤ ᠵᠢᠨ  ᠭᠦᠭᠵᠢᠯᠳᠠ ᠳᠤ ᠠᠰᠢᠭᠳᠠᠢ᠂   ᠭᠡᠤᠭᠡᠳ ᠤᠨ ᠠᠮᠢᠳᠤᠷᠠᠯ ᠤᠨ ᠲᠤᠷᠰᠢᠯᠭ᠎ᠠ ᠪᠠᠷ ᠰᠠᠭᠤᠷᠢᠯᠠᠬᠤ ᠮᠦᠷᠳᠡᠭᠡᠨ ᠪᠠᠰᠠ ᠭᠡᠤᠭᠡᠳ ᠤᠨ ᠨᠢᠳᠤᠨ ᠬᠠᠷᠠᠭ᠎ᠠ ᠵᠢ ᠦᠷᠭᠡᠵᠢᠭᠦᠯᠭᠦ ᠮᠠᠳᠤ ᠭᠡᠳᠤᠨ ᠵᠠᠷᠴᠢᠮ ᠢ ᠪᠠᠷᠢᠮᠳᠠᠯᠠᠵᠤ᠂ ᠴᠡᠴᠡᠷᠯᠢᠭ᠌ ᠤᠨ ᠬᠢᠴᠢᠶᠠᠯᠯᠠᠭᠡ ᠵᠢᠨ ᠠᠭᠤᠯᠭ᠎ᠠ ᠨᠢ ᠪᠤᠰᠤᠳᠴᠢ ᠶᠢᠷᠳᠢᠨᠴᠤ ᠵᠢᠨ ᠲᠤᠬᠠᠢ ᠲᠦᠭᠦᠮᠭᠡᠨ ᠮᠠᠳᠠᠯᠭᠡ᠂  ᠦᠨᠳᠤᠰᠤᠨ ᠭᠦᠳᠤᠯᠪᠤᠷᠢ ᠵᠢᠨ ᠠᠷᠭ᠎ᠠ ᠮᠠᠶᠢᠬ ᠬᠢᠭᠡᠳ ᠲᠠᠳᠤᠯᠭ᠎ᠠ᠂  ᠭᠡᠤᠭᠡᠳ ᠤᠨ ᠤᠶᠤᠨ ᠴᠢᠳᠠᠪᠤᠷᠢ ᠵᠢᠨ ᠭᠦᠭᠵᠢᠯᠳᠠ ᠵᠢ ᠠᠬᠢᠭᠤᠯᠳᠠᠬ ᠭᠦᠳᠠᠯᠭᠡᠭᠡᠨ ᠬᠢᠭᠡᠳ ᠲᠤᠷᠰᠢᠯᠭ᠎ᠠ᠂  ᠭᠡᠤᠭᠡᠳ ᠤᠨ ᠤᠪᠤᠷ ᠰᠡᠳᠬᠢᠯᠭᠡ ᠵᠢ ᠭᠦᠭᠵᠢᠭᠦᠯᠳᠡᠭ ᠮᠠᠳᠠᠯᠭᠡ ᠬᠢᠭᠡᠳ ᠲᠠᠳᠤᠯᠭ᠎ᠠ ᠵᠡᠷᠭᠡ ᠵᠢ ᠬᠠᠮᠤᠷᠴᠤ ᠴᠢᠳᠠᠪᠠᠯ ᠰᠠᠶᠢ ᠰᠢᠨ᠎ᠠ ᠬᠢᠴᠢᠶᠠᠯᠯᠠᠭᠡ ᠵᠢᠨ ᠠᠭᠤᠯᠭ᠎ᠠ ᠵᠢᠨ ᠰᠠᠭᠤᠷᠢ ᠴᠢᠨᠠᠷ ᠬᠢᠭᠡᠳ ᠪᠦᠭᠦᠯᠢ ᠴᠤᠭᠴᠠᠳᠤ ᠴᠢᠨᠠᠷ ᠤᠨ ᠦᠢᠯᠠᠳᠤᠯ ᠢ ᠭᠦᠢᠴᠠᠳ ᠪᠠᠳᠠᠷᠠᠭᠤᠯᠵᠤ ᠴᠢᠳᠠᠨ᠎ᠠ᠃
     ᠬᠢᠴᠢᠶᠠᠯᠯᠠᠭᠡ ᠵᠢᠨ ᠦᠨᠠᠯᠠᠯᠳᠠ ᠬᠢᠭᠦ ᠳᠡᠭᠡᠨ ᠦᠩᠭᠡᠷᠡᠭᠰᠡᠨ ᠤ ᠲᠠᠩ ᠭᠠᠭᠴᠠ ᠦᠨᠠᠯᠠᠯᠳᠠ ᠡᠴᠡ ᠤᠯᠠᠨ ᠲᠠᠯ᠎ᠠ ᠵᠢᠨ ᠭᠦᠮᠦᠰ ᠤᠷᠤᠯᠴᠠᠭᠰᠠᠨ ᠦᠨᠠᠯᠠᠯᠳᠠ ᠳᠤ ᠰᠢᠯᠵᠢᠭᠦ ᠭᠡᠷᠡᠭᠳᠠᠢ᠃ ᠦᠩᠭᠡᠷᠡᠭᠰᠡᠨ ᠳᠤ ᠵᠦᠪᠭᠡᠨ ᠴᠡᠴᠡᠷᠯᠢᠭ᠌ ᠤᠨ ᠲᠠᠷᠤᠭ᠎ᠠ ᠪᠤᠶᠤ ᠬᠠᠮᠢᠶ᠎ᠠ ᠪᠦᠭᠦᠢ ᠬᠠᠮᠢᠶᠠᠷᠤᠯᠳᠠ ᠵᠢᠨ ᠭᠦᠮᠦᠰ ᠪᠠᠭᠰᠢ ᠨᠠᠷ ᠤᠨ ᠵᠢᠭᠠᠨ ᠰᠤᠷᠭᠠᠯᠳᠠ ᠪᠤᠶᠤ ᠭᠡᠤᠭᠡᠳ ᠤᠨ ᠲᠠᠪᠰᠢᠯᠳᠠ ᠳᠤ ᠦᠨᠠᠯᠠᠯᠳᠠ ᠬᠢᠳᠡᠭ᠃ ᠤᠳᠤᠬᠠᠨ ᠳᠤ 《ᠭᠦᠳᠤᠯᠪᠤᠷᠢ》  ‍ᠳ᠋ᠤ ᠵᠢᠭᠠᠵᠤ  ᠭᠠᠷᠭᠠᠭᠰᠠᠨ ᠶᠤᠰᠤᠭᠠᠷ 《ᠬᠠᠮᠢᠶᠠᠷᠤᠯᠳᠠ ᠵᠢᠨ ᠠᠵᠢᠯᠳᠠᠨ᠂  ᠪᠠᠭᠰᠢ᠂ ᠭᠡᠤᠭᠡᠳ ᠵᠢᠴᠢ ᠭᠡᠷ ᠤᠨ ᠠᠬᠠᠮᠠᠳ ᠪᠦᠷ ᠴᠡᠴᠡᠷᠯᠢᠭ᠌ ᠤᠨ ᠰᠤᠷᠭᠠᠨ ᠭᠦᠮᠦᠵᠢᠯ ᠤᠨ ᠦᠨᠠᠯᠠᠯᠳᠠ ᠵᠢᠨ ᠠᠵᠢᠯ ᠤᠨ ᠤᠷᠤᠯᠴᠠᠭᠴᠢ》 ᠪᠤᠯᠵᠤ᠂ 《ᠴᠡᠴᠡᠷᠯᠢᠭ᠌ ᠤᠨ ᠠᠵᠢᠯ ᠤᠨ ᠦᠨᠠᠯᠠᠯᠳᠠ ᠨᠢ ᠪᠠᠭᠰᠢ ᠵᠢᠨ ᠦᠪᠠᠷ ᠪᠠᠶ᠎ᠠ ᠵᠢᠨ ᠦᠨᠠᠯᠠᠯᠳᠠ ᠪᠠᠷ ᠭᠤᠤᠯ ᠪᠤᠯᠭᠠᠨ᠂ ᠴᠡᠴᠡᠷᠯᠢᠭ᠌ ᠤᠨ ᠲᠠᠷᠤᠭ᠎ᠠ ᠬᠠᠮᠢᠶ᠎ᠠ ᠪᠦᠭᠦᠢ ᠬᠠᠮᠢᠶᠠᠷᠤᠯᠳᠠ ᠵᠢᠨ ᠠᠵᠢᠯᠳᠠᠨ᠂  ᠪᠤᠰᠤᠳ ᠪᠠᠭᠰᠢ ᠨᠠᠷ᠂  ᠭᠡᠷ ᠤᠨ ᠠᠬᠠᠮᠠᠳ ᠪᠦᠷ ᠦᠨᠠᠯᠠᠯᠳᠠ ᠳᠤ ᠤᠷᠤᠯᠴᠠᠬᠤ ᠲᠦᠷᠢᠮ ᠢ ᠭᠡᠷᠡᠭᠵᠢᠭᠦᠯᠦᠨ᠎ᠠ》᠂ ᠦᠨᠠᠯᠠᠯᠳᠠ ᠳᠤ ᠭᠡᠤᠭᠡᠳ ᠤᠨ ᠭᠦᠭᠵᠢᠯᠳᠠ ᠵᠢᠨ ᠲᠤᠬᠠᠢ ᠦᠨᠠᠯᠠᠯᠳᠠ ᠬᠢᠭᠡᠳ ᠪᠠᠭᠰᠢ ᠵᠢᠨ ᠲᠤᠰᠬᠠᠢᠢᠵᠢᠯᠳᠠ ᠵᠢᠨ ᠦᠨᠠᠯᠠᠯᠳᠠ ᠵᠡᠷᠭᠡ ᠬᠤᠶᠠᠷ ᠲᠠᠯ᠎ᠠ ᠵᠢ ᠪᠠᠭᠳᠠᠭᠠᠬᠤ ᠶᠤᠰᠤᠳᠠᠢ᠃
    ᠴᠡᠴᠡᠷᠯᠢᠭ᠌ ᠤᠨ ᠰᠢᠨ᠎ᠠ ᠬᠢᠴᠢᠶᠠᠯ ᠤᠨ ᠦᠭᠡᠷᠡᠴᠢᠯᠠᠯᠳᠠ ᠨᠢ ᠲᠠᠭᠡᠷᠡᠬᠢ ᠮᠠᠳᠤ ᠬᠢᠴᠢᠶᠠᠯᠯᠠᠭᠡ ᠵᠢ ᠭᠡᠷᠡᠭᠵᠢᠭᠦᠯᠭᠦ ᠡᠯ᠎ᠠ ᠶᠠᠪᠤᠴᠠ ᠳᠤ ᠪᠦᠷ ᠨᠠᠪᠴᠢᠵᠤ᠂ ᠪᠠᠭᠰᠢ᠂ ᠭᠡᠤᠭᠡᠳ᠂ ᠭᠡᠷ ᠤᠨ ᠠᠬᠠᠮᠠᠳ᠂  ᠴᠡᠴᠡᠷᠯᠢᠭ᠌ ᠤᠨ ᠤᠳᠤᠷᠢᠳᠤᠯᠭ᠎ᠠ᠂  ᠬᠠᠮᠢᠶᠠᠷᠤᠯᠳᠠ ᠵᠢᠨ ᠠᠵᠢᠯᠳᠠᠳ ᠵᠡᠷᠭᠡ ᠡᠯ᠎ᠠ ᠡᠳᠡᠭᠡᠳ ᠤᠨ ᠵᠤᠬᠢᠰᠳᠠᠢ ᠬᠠᠮᠵᠢᠯᠴᠠᠭ᠎ᠠ ᠪᠠᠷ ᠲᠠᠮᠵᠢᠨ ᠪᠠᠶᠡᠯᠡᠭᠳᠡᠳᠡᠭ᠃ ᠢᠩᠬᠢᠮᠠᠨᠵᠢᠨ ᠰᠠᠶᠢ ᠭᠠᠵᠠᠷ ᠤᠷᠤᠨ ᠤ ᠤᠨᠴᠠᠯᠢᠭ᠂ ᠦᠨᠳᠤᠰᠤᠳᠠᠨ ᠤ ᠤᠨᠴᠠᠯᠢᠭ ᠲᠠᠢ ᠨᠠᠢᠢᠴᠡᠭᠰᠡᠨ ᠴᠤ᠋ ᠰᠢᠨ᠎ᠠ ᠬᠢᠴᠢᠶᠠᠯᠯᠠᠭᠡ ᠵᠢᠨ ᠭᠡᠯᠪᠠᠷᠢ ᠪᠤᠢ ᠪᠤᠯᠵᠤ᠂  ᠭᠡᠤᠭᠡᠳ ᠤᠨ ᠪᠦᠭᠦ ᠲᠠᠯ᠎ᠠ ᠵᠢᠨ ᠭᠦᠭᠵᠢᠯᠳᠠ ᠳᠤ ᠰᠠᠭᠤᠷᠢ ᠲᠠᠯᠪᠢᠬᠤ ᠰᠤᠷᠭᠠᠨ ᠭᠦᠮᠦᠵᠢᠯ ᠤᠨ ᠬᠠᠷᠠᠯᠳᠠ ᠳᠤ ᠭᠦᠷᠴᠤ ᠴᠢᠳᠠᠨ᠎ᠠ᠃
    (《ᠦᠪᠦᠷ ᠮᠤᠩᠭᠤᠯ ᠤᠨ ᠰᠤᠷᠭᠠᠨ ᠬᠦᠮᠦᠵᠢᠯ》 ᠦᠨ 2012 ᠣᠨ ᠤ 4 ᠳ᠋ᠤᠭᠡᠷ ᠬᠤᠭᠤᠴᠠᠭ᠎ᠠ ᠡᠴᠡ ᠠᠪᠤᠪᠠ᠃)